ᠮᠠᠩᠭᠢᠷᠳᠤ ᠶᠢᠨ ᠭᠤᠤᠯ
ᠨᠡᠶᠢᠲᠡᠯᠡᠭᠰᠡᠨ ᠴᠠᠭ᠄
2023/9/28
     ᠠᠷᠤ ᠬᠦᠨᠳᠡᠯᠡᠨ ᠰᠤᠮᠤ ᠶᠢᠨ ᠮᠠᠩᠭᠢᠷᠳᠤ ᠶᠢᠨ ᠭᠤᠤᠯ ᠪᠤᠯ ᠠᠭᠤᠯᠠᠨ ᠵᠢᠯᠠᠭ᠎ᠠ ᠶᠢᠨ ᠲᠤᠮᠳᠠᠭᠤᠷ ᠪᠠᠷᠠᠭᠤᠨ ᠡᠮᠤᠨ᠎ᠡ ᠠᠴᠠ ᠵᠡᠭᠦᠨ ᠬᠤᠶᠢᠰᠢ ᠤᠷᠤᠰᠴᠤ ᠲᠠᠯᠠᠢ ᠬᠤᠰᠢᠭᠤ ᠵᠦᠭ ᠮᠤᠷᠤᠶᠢᠭᠠᠳ ᠬᠤᠤᠯᠢᠨ ᠭᠤᠤᠯ ᠳᠤ ᠴᠢᠳᠬᠤᠨ ᠨᠡᠶᠢᠯᠡᠳᠡᠭ ᠭᠤᠤᠯ ᠶᠤᠮ᠃ ᠮᠠᠩᠭᠢᠷᠳᠤ ᠶᠢᠨ ᠭᠤᠤᠯ ᠤᠨ ᠡᠮᠤᠨ᠎ᠡ ᠪᠡᠶ᠎ᠡ ᠶᠢᠨ ᠬᠦᠨᠳᠡᠯᠡᠨ ᠠᠭᠤᠯᠠ ᠪᠤᠯ ᠮᠠᠩ ᠮᠤᠭᠠᠢ ᠡᠵᠡᠯᠡᠭᠰᠡᠨ ᠭᠠᠵᠠᠷ ᠭᠡᠨ᠎ᠡ᠃ ᠪᠠᠰᠠ ᠮᠠᠩᠭᠢᠷᠳᠤ   ᠶᠢᠨ ᠭᠤᠤᠯ ᠤᠨ ᠠᠷᠤ ᠪᠡᠶ᠎ᠡ ᠶᠢᠨ ᠦᠬᠡᠷ ᠴᠢᠯᠠᠭᠤᠳᠤ ︵ᠤᠳᠤᠬᠢ ᠨᠠᠨ ᠭᠤᠸᠠᠩ ᠴᠠᠩ︶ ᠠᠴᠠ ᠵᠡᠬᠦᠨ ᠡᠮᠤᠨᠡᠳᠡᠬᠢ ᠰᠢᠷ᠎ᠠ ᠤᠪᠤᠭᠠᠳᠤ ᠪᠤᠯ ᠭᠠᠷᠤᠳᠢ ᠡᠵᠡᠯᠡᠭᠰᠡᠨ ᠭᠠᠵᠠᠷ ᠭᠡᠨ᠎ᠡ᠃ ᠢᠩᠭᠢᠭᠡᠳ ᠡᠨᠡ ᠭᠤᠤᠯ ᠤᠨ ᠤᠷᠴᠢᠨ ᠲᠤᠭᠤᠷᠢᠨ ᠢ ᠬᠠᠮᠤᠷᠤᠨ ᠮᠠᠩ ᠭᠠᠷᠤᠳᠢ ᠭᠡᠵᠦ ᠲᠠᠭᠤᠳᠠᠳᠠᠭ ᠠᠵᠢ᠃ ᠶᠠᠪᠤᠭᠠᠨ ᠳᠠᠭᠠᠨ ᠠᠪᠢᠶ᠎ᠠ ᠤᠨᠳᠤᠤᠰᠢᠭᠠᠳ ᠮᠠᠩᠭᠢᠷᠳᠤ ᠭᠡᠬᠦ ᠪᠤᠯᠤᠭᠰᠠᠨ ᠭᠡᠳᠡᠭ᠃ ᠠᠳᠡ ᠠᠴᠠ ᠶᠡᠭᠡ ᠪᠡᠶᠡᠨ ᠪᠤᠶᠤ ᠰᠠᠶᠢᠨ ᠡᠷ᠎ᠡ ᠭᠠᠷᠳᠠᠭ ᠤᠴᠢᠷᠳᠠᠢ ᠭᠡᠨ᠎ᠡ᠃                         ︵ᠰᠠᠩᠵᠢᠳᠮ᠎ᠠ ᠬᠡᠯᠡᠵᠦ ᠯᠤᠤᠽᠠᠷ ᠲᠡᠮᠳᠡᠭᠯᠡᠪᠡ︶
 
ᠢᠷᠡᠯᠲᠡ᠄ ᠵᠠᠷᠤᠳ ᠤᠨ ᠲᠤᠮᠤᠭ ᠠᠴᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号