ᠲᠤᠭᠤᠭᠠᠴᠢ ᠠᠭᠤᠯᠠ
ᠨᠡᠶᠢᠲᠡᠯᠡᠭᠰᠡᠨ ᠴᠠᠭ᠄
2023/8/18
      ᠡᠷᠳᠡ ᠤᠷᠢᠳᠤ ᠴᠠᠭ   ᠲᠤ᠂ ᠮᠤᠩᠭᠤᠯ ᠤᠨ ᠰᠠᠶᠢᠬᠠᠨ ᠨᠤᠳᠤᠭ ᠲᠤ ᠬᠠᠮᠤᠭ ᠠᠮᠢᠳᠠᠨ ᠢ  ᠠᠶᠤᠯᠭᠠᠳᠠᠭ ᠠᠷᠪᠠᠨ ᠬᠤᠶᠠᠷ ᠲᠤᠯᠤᠭᠠᠢ ᠲᠠᠢ ᠠᠷᠵᠠᠭ ᠮᠠᠩᠭᠤᠰ ᠪᠠᠶᠢᠭᠰᠠᠨ ᠭᠡᠨ᠎ᠡ᠃       ᠡᠨᠡ ᠬᠠᠷ᠎ᠠ ᠮᠠᠩᠭᠤᠰ ᠨᠢ ᠠᠶᠢᠯ ᠤᠨ ᠡᠮᠡᠰ ᠦᠬᠢᠳ ᠢ ᠪᠤᠯᠢᠶᠠᠨ ᠠᠪᠤᠭᠠᠳ ᠭᠡᠷᠭᠡᠢ ᠬᠠᠳᠤᠨ ᠢᠶᠠᠨ ᠪᠤᠯᠭᠠᠳᠠᠭ ᠪᠦᠭᠡᠳ ᠨᠠᠰᠤᠳᠠᠨ ᠵᠠᠯᠠᠭᠤᠴᠤᠳ ᠢᠶᠠᠷ ᠨᠢ ᠡᠳᠤᠷ ᠤᠨ ᠬᠤᠭᠤᠯᠠ ᠪᠤᠯᠭᠠᠳᠠᠭ᠃ ᠨᠢᠭᠡ ᠤᠨᠳᠠᠪᠠᠯ ᠭᠤᠷᠪᠠᠨ ᠵᠢᠯ ᠢᠶᠠᠷ ᠨᠤᠶᠢᠷᠰᠤᠵᠦ᠂ ᠬᠦᠶᠤᠭᠡᠳ ᠪᠤᠰᠪᠠᠯ ᠬᠠᠮᠤᠭ ᠠᠮᠢᠳᠠᠨ ᠬᠠᠯᠳᠠᠵᠦ ᠪᠤᠯᠤᠰᠢ ᠦᠭᠡᠢ ᠲᠤᠭᠰᠢᠨ ᠲᠠᠶᠢᠰᠤᠨ ᠪᠤᠯᠵᠦ ᠪᠠᠶᠢᠵᠠᠢ᠃ ᠶᠠᠭ ᠡᠨᠡ ᠦᠶ᠎ᠡ ᠳᠤ᠂ ᠮᠠᠨ ᠤ ᠮᠤᠩᠭᠤᠯ ᠤᠨ ᠲᠤᠳᠤᠷ᠎ᠠ ᠠᠴᠠ ᠨᠢᠭᠡᠨ ᠭᠡᠰᠡᠷ ᠭᠡᠳᠡᠭ ᠪᠠᠭᠠᠳᠤᠷ ᠡᠷ᠎ᠡ ᠭᠠᠷᠤᠭᠠᠳ ᠮᠠᠩᠭᠤᠰ ᠲᠠᠢ ᠠᠰ ᠲᠤᠯᠤᠨ ᠠᠪᠤᠨ ᠬᠠᠷᠢᠭᠤᠴᠠᠵᠦ᠂ ᠶᠢᠰᠤ ᠶᠡᠰᠤ ᠨᠠᠶᠠᠨ ᠨᠢᠭᠡᠨ ᠡᠳᠤᠷ ᠪᠠᠶᠢᠯᠳᠤᠭᠠᠳ᠂ ᠡᠴᠤᠰ ᠲᠡᠭᠡᠨ ᠮᠠᠩᠭᠤᠰ ᠤᠨ ᠬᠦᠴᠤᠨ ᠨᠢ ᠪᠠᠶᠢᠯᠳᠤᠬᠤ ᠲᠤᠳᠤᠮ ᠰᠤᠯᠠᠷᠠᠵᠦ᠂ ᠭᠡᠰᠡᠷ ᠪᠠᠭᠠᠳᠤᠷ ᠤᠨ ᠬᠦᠴᠤᠨ ᠨᠢ ᠲᠤᠯᠤᠯᠳᠤᠬᠤ ᠲᠤᠳᠤᠮ ᠴᠢᠩᠭᠠᠷᠠᠵᠦ᠂ ᠮᠠᠩᠭᠤᠰ ᠤᠨ ᠠᠷᠪᠠᠨ ᠬᠤᠶᠠᠷ ᠲᠤᠯᠤᠭᠠᠢ ᠶᠢ ᠲᠠᠰᠤ ᠲᠠᠰᠤ ᠴᠠᠪᠴᠢᠭᠰᠠᠭᠠᠷ ᠬᠤᠶᠠᠷᠬᠠᠨ ᠲᠤᠯᠤᠭᠠᠢ ᠦᠯᠡᠳᠡᠬᠦ ᠳᠤ ᠮᠠᠩᠭᠤᠰ ᠨᠢᠭᠡᠮᠤᠰᠤᠨ ᠵᠦᠭᠡᠯᠡᠷᠡᠵᠦ᠂ ᠠᠮᠢ ᠪᠠᠨ ᠭᠤᠶᠤᠵᠦ ᠵᠠᠪᠰᠢᠶᠠᠨ ᠢ ᠲᠠᠯᠢᠮᠳᠠᠭᠤᠯᠤᠨ ᠭᠠᠷᠴᠤ ᠲᠤᠳᠠᠭᠠᠵᠠᠢ᠃        ᠭᠡᠰᠡᠷ ᠪᠠᠭᠠᠳᠤᠷ ᠨᠡᠭᠡᠮᠵᠢᠯᠡᠨ ᠤᠴᠢᠭᠠᠳ ᠨᠢᠭᠡᠨ ᠦᠨᠳᠤᠷ ᠠᠭᠤᠯᠠᠨ ᠤ ᠤᠷᠤᠢ ᠲᠡᠭᠡᠷ᠎ᠡ ᠠᠮᠠᠷᠠᠵᠦ ᠰᠠᠭᠤᠬᠤ ᠲᠠᠭᠠᠨ ᠬᠦᠷᠡᠯ ᠭᠠᠩ ᠤᠨ ᠢᠯᠳᠤ ᠪᠠᠷ ᠢᠶᠠᠨ ᠴᠢᠯᠠᠭᠤ ᠶᠢ ᠴᠠᠪᠴᠢᠨ ᠲᠤᠭᠤᠭ᠎ᠠ ᠪᠤᠯᠭᠠᠵᠦ᠂ ᠭᠠᠯ ᠲᠦᠯᠡᠵᠦ ᠪᠤᠳᠠᠭ᠎ᠠ ᠢᠳᠡᠭᠰᠡᠨ ᠭᠡᠨ᠎ᠡ᠃        ᠡᠨᠡ ᠲᠤᠭᠤᠭ᠎ᠠ ᠨᠢ ᠤᠳᠤ ᠪᠤᠯᠳᠠᠯ᠎ᠠ ᠠᠭᠤᠯᠠᠨ ᠤ ᠤᠷᠬᠢᠯ ᠳᠤ ᠦᠯᠡᠳᠡᠭᠡᠳ᠂ ᠡᠳᠤᠭᠡ ᠵᠠᠷᠤᠳ ᠬᠤᠰᠢᠭᠤᠨ ᠤ ᠪᠠᠶᠠᠷᠳᠤᠬᠤᠰᠢᠭᠤ ᠪᠠᠯᠭᠠᠰᠤᠨ ᠠᠴᠠ ᠪᠠᠷᠠᠭᠤᠨ ᠬᠤᠶᠢᠰᠢ ᠠᠷᠪᠠᠨ ᠭᠠᠵᠠᠷ ᠲᠤ ᠪᠠᠶᠢᠷᠢᠰᠢᠵᠦ ᠪᠠᠶᠢᠳᠠᠭ                                                                            ︵ᠷᠠᠰᠢᠵᠤᠩᠨᠠᠢ ᠬᠡᠯᠡᠵᠦ ᠰᠠᠮᠫᠠᠯᠨᠤᠷᠪᠤ ᠡᠮᠬᠢᠳᠭᠡᠪᠡ︶
 
ᠢᠷᠡᠯᠲᠡ᠄ ᠵᠠᠷᠤᠳ ᠤᠨ ᠲᠤᠮᠤᠭ ᠠᠴᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号