ᠯᠣᠣᠶᠧ ᠶᠢᠨ ᠰᠦᠮ᠎ᠡ
ᠨᠡᠶᠢᠲᠡᠯᠡᠭᠰᠡᠨ ᠴᠠᠭ᠄
2023/8/9
   ︽ᠭᠡᠰᠡᠷ ᠪᠤᠭᠲᠠ ᠶᠢᠨ ᠤᠷᠤᠢ︾ ᠶᠢᠨ ᠠᠰ ᠳᠣᠣᠷ᠎ᠠ ᠴᠠᠪᠴᠢᠮ᠎ᠠ ᠬᠠᠳᠠᠨ᠎ᠠ ᠨᠢᠭᠡᠨ ᠠᠶᠠᠨᠳᠠᠭᠠᠨ ᠪᠦᠲᠦᠭᠰᠡᠨ ᠰᠦᠮ᠎ᠡ ᠬᠡᠯᠪᠡᠷᠢ ᠶᠢᠨ ᠬᠠᠳᠠᠨ ᠠᠭᠤᠢ ᠪᠠᠶᠢᠳᠠᠭ᠃ ᠲᠡᠭᠦᠨ ᠢ ︽ᠯᠣᠣᠶᠧ ᠶᠢᠨ ᠰᠦᠮ᠎ᠡ︾ ᠭᠡᠳᠡᠭ᠃ ᠴᠢᠭᠴᠢ ᠵᠢᠷᠣᠮᠲᠤ᠂ ᠴᠢᠳᠠᠯ ᠡᠷᠳᠡᠮ ᠲᠡᠭᠦᠰ ᠪᠦᠷᠢᠳᠦᠭᠰᠡᠨ ᠭᠤᠸᠠᠨ ᠭᠦᠩ ᠰᠠᠬᠢᠭᠤᠯᠰᠤᠨ ᠪᠣᠯᠣᠭᠰᠠᠨ ᠤ ᠳᠠᠷᠠᠭ᠎ᠠ᠂ ᠠᠷᠢᠭᠤᠨ ᠰᠦᠨᠠᠰᠦ ᠨᠢ ᠳᠥᠷᠪᠡᠨ ᠵᠦᠭ ᠨᠠᠢᠮᠠᠨ ᠵᠤᠪᠬᠢᠰ ᠢᠶᠠᠷ ᠲᠣᠭᠤᠷᠢᠵᠤ᠂ ᠲᠥᠪ ᠴᠢᠭᠴᠢ ᠶᠢ ᠮᠠᠨᠳᠣᠭᠤᠯᠣᠨ ᠰᠠᠶᠢᠰᠢᠶᠠᠵᠤ᠂ ᠭᠠᠵᠢᠭᠤ ᠪᠣᠷᠣᠭᠤ ᠶᠢ ᠳᠠᠷᠣᠩᠭᠤᠶᠢᠯᠠᠨ ᠶᠠᠪᠣᠭᠰᠠᠭᠠᠷ ᠨᠢᠭᠡᠨ ᠡᠳᠦᠷ ︽ᠠᠯᠲᠠᠨ ᠰᠢᠷᠭᠤᠭᠤᠯ︾ ᠠᠭᠤᠯᠠᠨ ᠤ ᠣᠭᠲᠠᠷᠭᠤᠢ ᠳᠡᠭᠡᠷ᠎ᠡ ᠬᠦᠷᠴᠦ ᠢᠷᠡᠭᠡᠳ ᠪᠢᠯᠢᠭ ᠤᠨ ᠨᠢᠳᠣ ᠪᠠᠷ ᠢᠶᠠᠨ ᠠᠵᠢᠬᠤ ᠳᠤ᠂ ᠭᠡᠰᠡᠷ ᠪᠤᠭᠲᠠ ᠪᠣᠯᠣᠨ ᠥᠬᠢᠨ ᠲᠡᠭᠷᠢ ᠶᠢᠨ ᠴᠢᠯᠠᠭᠤᠵᠢᠮᠠᠯ ᠭᠠᠷ ᠲᠠᠯᠪᠢᠨ ᠲᠥᠪ ᠵᠣᠭᠰᠣᠵᠤ᠂ ᠶᠡᠭᠡᠮᠰᠦᠭ ᠠᠷᠢᠭᠤᠨ ᠪᠠᠶᠢᠳᠠᠯ ᠨᠢ ᠲᠤᠬᠠᠢ ᠶᠢᠨ ᠵᠢᠯ ᠤᠨ ᠲᠡᠭᠦᠨ ᠤ ᠭᠠᠨ ᠬᠠᠲᠤᠨ ᠢ ᠵᠢᠷᠤᠮ ᠢᠶᠠᠷ ᠬᠠᠮᠠᠭᠠᠯᠠᠵᠤ ᠰᠠᠬᠢᠭᠰᠠᠨ ᠠᠴᠠ ᠭᠡᠳᠦᠶᠢᠳᠦᠭᠰᠡᠨ ᠲᠤᠯᠠᠲᠠ᠂ ᠭᠤᠸᠠᠨ ᠯᠣᠣᠶᠧ ᠦᠪᠡᠷ ᠤᠨ ᠡᠷᠬᠡ ᠦᠭᠡᠢ ᠭᠦᠨ ᠪᠢᠰᠢᠷᠡᠵᠦ᠂ ᠪᠢᠯᠢᠭ ᠤᠨ ᠡᠭᠦᠯᠡ ᠶᠢ ᠳᠠᠷᠣᠵᠤ᠂ ᠡᠨᠡ ᠠᠭᠤᠯᠠᠨ᠎ᠠ ᠪᠠᠭᠤᠭᠠᠳ ᠭᠡᠰᠡᠷ ᠪᠤᠭᠲᠠ ᠶᠢᠨ ᠤᠷᠤᠢ ᠶᠢᠨ ᠳᠣᠣᠷ᠎ᠠ ᠲᠠᠯ᠎ᠠ ᠶᠢᠨ ᠬᠠᠳᠠᠨ᠎ᠠ ᠰᠠᠷᠠᠨ ᠢᠯᠲᠦ ᠪᠠᠷ ᠢᠶᠠᠨ ᠴᠠᠪᠴᠢᠵᠤ ᠰᠦᠮ᠎ᠡ ᠪᠦᠲᠦᠭᠡᠵᠡᠢ᠃ ᠲᠡᠭᠡᠭᠡᠳ ᠨᠠᠯᠢᠶᠠᠳ ᠣᠳᠠᠭᠠᠨ ᠬᠤᠭᠤᠴᠠᠭ᠎ᠠ ᠬᠤᠷᠭᠤᠲᠠᠨ ᠰᠠᠭᠤᠵᠤ ᠭᠡᠰᠡᠷ ᠪᠤᠭᠲᠠ᠂ ᠥᠬᠢᠨ ᠲᠡᠭᠷᠢ ᠶᠢᠨ ᠲᠦᠯᠦᠭᠡ ᠳᠠᠭᠠᠳᠬᠠᠯ ᠨᠣᠮ ᠦᠢᠯᠡᠳᠴᠦ  ᠂ ᠠᠯᠲᠠᠨ ᠰᠢᠷᠭᠤᠭᠤᠯ ᠤᠨ ᠠᠭᠤᠯᠠᠨ᠎ᠠ ᠰᠦᠷ ᠰᠠᠬᠢᠭᠤᠰᠤ ᠶᠢ ᠨᠡᠮᠡᠭᠰᠡᠨ ᠲᠤᠯᠠ ᠬᠤᠵᠢᠮ ᠤᠨ ᠬᠦᠮᠦᠰ ᠡᠨᠡ ᠬᠦ ᠰᠦᠮ᠎ᠡ ᠶᠢ ︽ᠯᠤᠤᠶᠧ ᠶᠢᠨ ᠰᠦᠮ᠎ᠡ︾ ᠬᠡᠮᠡᠵᠤ ᠭᠤᠸᠠᠨ ᠭᠦᠩ ᠤᠨ ᠬᠦᠷᠦᠭ ᠵᠢᠷᠤᠭ ᠢ ᠳᠠᠬᠢᠳᠠᠭ ᠪᠣᠯᠵᠠᠢ᠃ ᠰᠢᠷᠭᠤᠭᠤᠯ ᠳᠤ  ᠰᠢᠷᠭᠤᠬᠤ ᠪᠠᠷ ᠬᠤᠯᠠ ᠣᠶᠢᠷ᠎ᠠ ᠠᠴᠠ ᠢᠷᠡᠭᠰᠡᠳ ᠡᠷᠬᠡᠪᠰᠢ ᠡᠨᠡ ᠰᠦᠮ᠎ᠡ ᠳᠤ ᠢᠷᠡᠵᠦ ᠮᠦᠷᠭᠦᠨ ᠳᠠᠭᠠᠳᠬᠠᠵᠤ᠂ ᠪᠠᠯᠢᠩ ᠳᠠᠬᠢᠯ ᠡᠷᠭᠦᠨ ᠰᠦᠵᠢᠭ ᠪᠢᠰᠢᠷᠡᠯ ᠢᠶᠠᠨ ᠭᠦᠢᠴᠡᠳᠭᠡᠳᠡᠭ ᠢᠶᠠᠷ ᠢᠶᠠᠨ ᠡᠨᠡ ᠬᠦ ᠬᠠᠳᠠᠨ ᠰᠦᠮ᠎ᠡ ᠨᠢ ᠮᠦᠨ ᠴᠤ ᠰᠢᠷᠭᠤᠭᠤᠯ ᠤᠨ ᠠᠭᠤᠯᠠᠨ ᠤ ᠴᠢᠬᠤᠯᠠ ᠨᠢᠭᠡᠨ ᠨᠠᠪᠳᠠᠭ ᠤᠨ ᠣᠷᠣᠴᠠ ᠪᠤᠯᠤᠭᠰᠠᠨ ᠠᠵᠠᠢ᠃              ︵ᠬᠤᠩ ᠮᠠ ᠯᠢᠶᠠᠨ ᠬᠠᠩᠭᠠᠪᠠ︶
 
ᠢᠷᠡᠯᠲᠡ᠄ ᠵᠠᠷᠤᠳ ᠤᠨ ᠲᠤᠮᠤᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号