| ᠠᠯᠲᠠᠨ ᠰᠢᠷᠭᠤᠭᠤᠯ ᠤᠨ ᠠᠰ ᠪᠠᠷᠠᠭᠤᠨᠲᠠᠢ 90 ᠮᠧᠲᠷ ᠤᠨ ᠵᠠᠶᠢᠲᠠᠢ ᠪᠣᠰᠤᠭ᠎ᠠ ᠬᠠᠲᠠᠨ ᠤ ᠣᠷᠣᠢ ᠶᠢ ︽ | ᠭᠡᠰᠡᠷ ᠪᠤᠭᠲᠠ ᠶᠢᠨ ᠣᠷᠣᠢ︾ ᠭᠡᠳᠡᠭ᠃ ᠭᠡᠰᠡᠷ ᠪᠤᠭᠲᠠ ᠮᠠᠩᠭᠤᠰ ᠤᠨ ᠥᠬᠢᠨ ᠬᠢᠯᠪᠠᠩ ᠰᠢᠷ᠎ᠠ ᠶᠢ ᠳᠠᠷᠣᠵᠤ᠂ | ᠠᠵᠤ ᠮᠡᠷᠭᠡᠨ ᠬᠠᠲᠤᠨ ᠲᠠᠢ ᠪᠠᠨ ᠠᠬᠢᠨ ᠡᠶᠡᠳᠡᠵᠦ᠂ ᠠᠮᠤᠷ ᠵᠢᠷᠭᠠᠯ ᠲᠠᠢ ᠰᠠᠭᠤᠬᠤ ᠳᠠᠭᠠᠨ ᠡᠳᠦᠷ ᠪᠦᠷᠢ ᠡᠨᠡ ᠬᠦ | ᠬᠠᠲᠠᠨ ᠤ ᠣᠷᠣᠢ ᠳᠤ ᠭᠠᠷᠴᠤ ᠪᠢᠯᠢᠭ ᠤᠨ ᠨᠢᠳᠦ ᠪᠠᠷ ᠢᠶᠠᠨ ᠡᠮᠦᠨᠡᠰᠢ ᠮᠢᠩᠭᠠᠨ ᠭᠠᠵᠠᠷ᠂ ᠣᠮᠠᠷᠠᠰᠢ ᠮᠢᠩᠭᠠᠨ | ᠭᠠᠵᠠᠷ᠂ ᠦᠷᠦᠨ᠎ᠡ ᠮᠢᠩᠭᠠᠨ ᠭᠠᠵᠠᠷ᠂ ᠳᠤᠷᠣᠨᠠ ᠮᠢᠩᠭᠠᠨ ᠭᠠᠵᠠᠷ ᠢ ᠪᠠᠷᠠᠯᠠᠵᠤ᠂ ᠦᠷᠭᠡᠨ ᠠᠭᠤᠳᠠᠮ ᠲᠠᠯ᠎ᠠ | ᠨᠤᠲᠤᠭ ᠤᠨ ᠢᠶᠠᠨ ᠡᠩᠬᠡ ᠲᠥᠪᠰᠢᠨ ᠦᠨᠢᠷ ᠬᠦᠭᠵᠢᠯ ᠢ ᠠᠵᠢᠭᠯᠠᠨ ᠪᠠᠶᠢᠴᠠᠭᠠᠵᠤ᠂ ᠠᠷᠵᠠᠭ ᠮᠠᠩᠭᠤᠰ᠂ ᠴᠢᠪᠢᠯᠲᠤ | ᠴᠢᠳᠭᠦᠷ ᠤᠳ ᠤᠨ ᠬᠡᠢ ᠰᠦᠨᠠᠰᠦ ᠶᠢ ᠰᠦᠷᠳᠡᠭᠦᠯᠵᠦ᠂ ᠬᠠᠯᠲᠠᠷᠠ ᠢᠷᠡᠬᠦ ᠳᠠᠶᠢᠰᠤᠨ ᠢ ᠰᠡᠷᠭᠡᠶᠢᠯᠡᠳᠡᠭ | ᠪᠠᠶᠢᠭᠰᠠᠨ ᠠᠴᠠ ︽ᠭᠡᠰᠡᠷ ᠪᠤᠭᠲᠠ ᠶᠢᠨ ᠤᠷᠤᠢ︾ ᠬᠡᠮᠡᠨ ᠨᠡᠷᠡᠯᠡᠭᠳᠡᠪᠡ᠃ ᠬᠤᠵᠢᠮ ᠤᠨ ᠬᠦᠮᠦᠰ ᠭᠡᠰᠡᠷ | ᠪᠤᠭᠲᠠ ᠪᠠᠨ ᠳᠣᠷᠠᠰᠬᠠᠨ᠂ ᠠᠵᠠ ᠵᠢᠷᠭᠠᠯᠲᠠᠢ ᠠᠮᠢᠳᠣᠷᠠᠯ ᠢ ᠬᠦᠰᠡᠮᠵᠢᠯᠡᠨ ᠠᠯᠲᠠᠨ ᠰᠢᠷᠭᠤᠭᠤᠯ ᠳᠤ ᠰᠢᠷᠭᠤᠬᠤ ᠪᠠᠷ | ᠢᠷᠡᠬᠦ ᠪᠣᠯᠭᠠᠨ ᠡᠷᠬᠡᠪᠰᠢ ᠡᠨᠡ ᠣᠷᠣᠢ ᠳᠤ ᠭᠠᠷᠴᠤ ᠳᠥᠷᠪᠡᠨ ᠵᠦᠩ ᠢ ᠠᠵᠢᠭᠯᠠᠨ ᠬᠠᠷᠠᠭ᠎ᠠ ᠴᠡᠭᠡᠵᠢ ᠪᠠᠨ | ᠠᠭᠤᠵᠢᠷᠠᠭᠤᠯᠣᠨ ᠰᠦᠵᠢᠭ ᠪᠢᠰᠢᠷᠡᠯ ᠢᠶᠠᠨ ᠭᠦᠢᠴᠡᠳᠭᠡᠳᠡᠭ ᠠᠵᠠᠢ᠃ | | ︵ᠬᠤᠩ ᠮᠠ ᠯᠢᠶᠠᠨ ᠬᠠᠩᠭᠠᠪᠠ︶ |