ᠵᠣᠤ ᠶᠢᠨ ᠪᠣᠷᠬᠠᠨ ᠤ ᠠᠭᠤᠢ
ᠨᠡᠶᠢᠲᠡᠯᠡᠭᠰᠡᠨ ᠴᠠᠭ᠄
2023/7/4
        ᠪᠠᠷᠠᠭᠤᠨ ᠵᠣᠤ ᠶᠢᠨ ᠮᠠᠶᠢᠳᠠᠷ ᠤᠨ ᠭᠡᠭᠡᠨ ᠤ ᠠᠯᠢ ᠨᠢᠭᠡᠨ ᠲᠥᠷᠦᠯ ᠤᠨ ᠨᠢᠷᠸᠠᠨ ᠪᠣᠯᠣᠭᠰᠠᠨ ᠰᠦᠨᠡᠰᠦ ᠶᠢ ᠪᠣᠤ ᠮᠡᠳᠡ᠂ ᠡᠭᠦᠯᠡ ᠭᠦᠯᠭᠡᠯᠡᠨ ᠣᠭᠲᠠᠷᠭᠤᠢ ᠪᠠᠷ ᠳᠡᠭᠳᠡᠨ᠂ ᠤᠯᠠᠭᠠᠨ ᠲᠣᠭᠤᠰᠣᠲᠤ ᠶᠢᠷᠳᠢᠨᠴᠦ ᠶᠢ ᠠᠵᠢᠨ ᠶᠠᠪᠣᠭᠰᠠᠭᠠᠷ᠂ ᠠᠯᠲᠠᠨ ᠰᠢᠷᠭᠤᠭᠤᠯ ᠤᠨ ᠳᠡᠭᠡᠷ᠎ᠡ ᠬᠦᠷᠴᠦ ᠢᠷᠡᠬᠦ ᠳᠤ᠂ ᠲᠡᠷᠡ ᠠᠭᠤᠯᠠᠨ ᠠᠴᠠ ᠲᠡᠭᠷᠢ ᠶᠢ ᠪᠠᠭᠠᠨᠠᠳᠠᠭᠰᠠᠨ ᠠᠯᠲᠠᠨ ᠭᠡᠷᠡᠯ ᠰᠠᠴᠣᠷᠠᠵᠤ᠂ ᠠᠷᠭ᠎ᠠ ᠪᠢᠯᠢᠭ ᠤᠨ ᠠᠭᠤᠷ ᠪᠠᠭᠠᠬᠢᠨ ᠰᠠᠪᠰᠠᠵᠤ᠂ ᠪᠦᠦᠷ ᠲᠦᠦᠷ ᠤᠨ ᠳᠤᠮᠲᠠ ᠭᠡᠰᠡᠷ ᠪᠤᠭᠲᠠ᠂ ᠥᠬᠢᠨ ᠲᠡᠭᠷᠢ ᠮᠠᠶᠢᠳᠠᠷ ᠤᠨ ᠭᠡᠭᠡᠨ ᠤ ᠳᠡᠭᠡᠷ᠎ᠡ ᠲᠥᠷᠦᠯ ᠤᠨ ᠯᠢᠩᠬᠸ᠎ᠠ ᠶᠢᠨ ᠰᠠᠭᠤᠳᠠᠯ ︵ᠡᠨᠡ ᠭᠠᠵᠠᠷ ᠤᠨ ᠬᠦᠮᠦᠰ ᠰᠢᠷᠭᠤᠭᠤᠯ ᠤᠨ ᠠᠭᠤᠯᠠᠨ ᠤ ᠠᠰ ᠡᠮᠦᠨ᠎ᠡ ᠪᠠᠶᠢᠭ᠎ᠠ ᠯᠢᠩᠬᠸ᠎ᠠ ᠬᠡᠯᠪᠡᠷᠢᠲᠦ ᠠᠭᠤᠯᠠ ᠶᠢ ᠮᠠᠶᠢᠲᠠᠷ ᠤᠨ ᠰᠠᠭᠤᠳᠠᠯ ᠭᠡᠵᠦ ᠬᠡᠯᠡᠳᠡᠭ︶ ᠢ ᠡᠷᠭᠦᠵᠦ ᠬᠠᠷᠠᠭᠳᠠᠪᠠ ᠭᠡᠨ᠎ᠡ᠃ ᠵᠣᠤ ᠶᠢᠨ ᠪᠣᠷᠬᠠᠨ ᠤ ᠬᠤᠪᠢᠯᠭᠠᠨ ᠰᠦᠨᠠᠰᠦ ᠦᠪᠡᠷ ᠤᠨ ᠰᠠᠭᠤᠳᠠᠯ ᠢᠶᠠᠨ ᠲᠠᠨᠢᠭᠠᠳ ᠡᠨᠡ ᠠᠭᠤᠯᠠᠨ᠎ᠠ ᠪᠠᠭᠤᠬᠤ ᠳᠤ ︽ᠪᠠᠨᠴᠢᠨ ᠪᠤᠭᠲᠠ ᠶᠢᠨ ᠰᠢᠷᠡᠭᠡ︾ ᠶᠢᠨ ᠵᠡᠭᠦᠨ ᠬᠤᠶᠢᠨ᠎ᠠ ᠳᠠᠬᠢ ᠪᠡᠯᠭᠡ ᠪᠢᠯᠢᠭ ᠤᠨ ᠬᠠᠲᠠᠨ ᠠᠴᠠ ᠭᠡᠨᠡᠳᠲᠡ ᠠᠭᠤᠯᠠ ᠨᠤᠷᠠᠵᠤ ᠬᠠᠳᠠ ᠶᠡᠭᠦᠷᠡᠬᠦ ᠳᠠᠭᠤᠨ ᠭᠠᠷᠴᠤ᠂ ᠠᠷᠰᠢ ᠶᠢᠨ ᠠᠭᠤᠢ ᠢᠯᠡᠷᠡᠵᠦ ᠠᠯᠲᠠᠨ ᠭᠡᠷᠡᠯ ᠰᠠᠴᠣᠷᠠᠭᠠᠳ᠂ ᠠᠷᠢᠭᠤᠨ ᠪᠤᠷᠬᠠᠨ ᠤ ᠰᠦᠨᠠᠰᠦ ᠲᠡᠷᠡ ᠠᠭᠤᠢ ᠳᠤᠷ ᠵᠠᠯᠠᠷᠠᠵᠤ᠂ ᠵᠣᠤ ᠶᠢᠨ ᠪᠣᠷᠬᠠᠨ ᠠᠳᠡ ᠠᠴᠠ ᠮᠡᠨᠳᠦᠯᠡᠭᠡᠳ ᠠᠳᠡᠬᠢ ᠠᠷᠠᠳ ᠢᠷᠭᠡᠳ ᠢ ᠢᠪᠡᠭᠡᠵᠦ᠂ ᠵᠣᠷᠢᠭ ᠵᠢᠷᠣᠮᠲᠤ ᠭᠡᠰᠡᠷ ᠪᠤᠭᠲᠠ᠂ ᠠᠰᠪᠤᠷ ᠰᠠᠨᠠᠭᠠᠲᠤ ᠥᠬᠢᠨ ᠲᠡᠭᠷᠢ ᠶᠢᠨ ᠰᠦᠨᠡᠰᠦ ᠶᠢ ᠲᠠᠶᠢᠳᠬᠤᠷᠠᠭᠤᠯᠪᠠ ᠭᠡᠨ᠎ᠡ᠃ ᠬᠤᠵᠢᠮ ᠤᠨ ᠬᠦᠮᠦᠰ ᠵᠣᠤ ᠶᠢᠨ ᠪᠤᠷᠬᠠᠨ ᠤ ᠮᠡᠨᠳᠦᠯᠡᠭᠰᠡᠨ ᠠᠭᠤᠢ ᠶᠢ ᠰᠦᠰᠦᠭᠯᠡᠨ ᠲᠠᠬᠢᠳᠠᠭ ᠪᠣᠯᠣᠭᠰᠠᠨ ᠪᠦᠭᠡᠳ ᠠᠭᠤᠢ ᠶᠢᠨ ᠳᠣᠲᠣᠷᠠᠬᠢ ᠤᠯᠠᠭᠠᠨ ᠰᠢᠷᠤᠢ ᠪᠠᠷ ᠨᠢ ᠡᠯᠳᠡᠪ ᠵᠦᠢᠯ ᠤᠨ ᠴᠢᠰᠤ ᠠᠯᠳᠠᠭᠳᠠᠬᠤ ᠡᠪᠡᠳᠴᠢᠨ ᠢ ᠵᠠᠰᠠᠳᠠᠭ ᠭᠡᠨ᠎ᠡ᠃ ᠠᠷᠠᠳ ᠤᠨ ᠶᠡᠷᠢᠶᠡᠨ ᠳᠤ᠂ ᠡᠬᠡᠨᠡᠷ ᠬᠦᠮᠦᠨ ᠤ ᠴᠢᠰᠤ ᠪᠠᠷ ᠪᠠᠭᠤᠯᠭᠠᠬᠤ ᠪᠠ ᠭᠠᠳᠠᠷ ᠰᠢᠷᠬ᠎ᠠ ᠪᠠᠷ ᠶᠡᠭᠡ ᠴᠢᠰᠤ  ᠭᠠᠷᠣᠭᠰᠠᠳ ᠲᠤ ᠵᠣᠤ ᠶᠢᠨ ᠪᠣᠷᠬᠠᠨ ᠤ ᠠᠭᠤᠢ ᠶᠢᠨ ᠤᠯᠠᠭᠠᠨ ᠰᠢᠷᠤᠢ ᠶᠢ ᠣᠣᠭᠤᠯᠭᠠᠪᠠᠯ ᠳᠣᠣᠷ᠎ᠠ ᠨᠢ ᠡᠳᠡᠭᠡᠷᠡᠳᠡᠭ ᠭᠡᠨ᠎ᠡ᠃              ︵ᠬᠤᠩ ᠮᠠ ᠯᠢᠶᠠᠨ ᠬᠠᠩᠭᠠᠪᠠ︶
 
ᠢᠷᠡᠯᠲᠡ᠄ ᠵᠠᠷᠤᠳ ᠤᠨ ᠲᠤᠮᠤᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号