| ᠠᠯᠲᠠᠨ ᠰᠢᠷᠭᠤᠭᠤᠯ ᠤᠨ ᠠᠰ ᠳᠣᠣᠷ᠎ᠠ ᠲᠠᠯ᠎ᠠ ᠳᠤ ᠪᠠᠷᠤᠭ 55 ᠮᠧᠲᠷ ᠵᠠᠶᠢᠲᠠᠢ ᠨᠢᠭᠡᠨ ᠬᠤᠣᠰ ᠪᠣᠰᠤᠭ᠎ᠠ | ᠬᠠᠲᠠ ᠪᠠᠶᠢᠳᠠᠭ᠃ ᠡᠨᠡ ᠬᠤᠶᠠᠷ ᠬᠠᠳᠠ ᠶᠢ ᠬᠤᠯᠠ ᠠᠴᠠ ᠪᠠᠷᠠᠯᠠᠬᠤ ᠳᠤ ᠬᠦᠮᠦᠨ ᠲᠦᠯᠦᠪᠲᠡᠢ ᠲᠤᠯᠠ ︽ᠬᠤᠣᠰ | ᠬᠦᠮᠦᠨ ᠤ ᠵᠣᠭᠰᠣᠭᠠᠯ︾ ᠭᠡᠬᠦ ᠪᠣᠶᠤ ︽ᠠᠷᠭ᠎ᠠ ᠪᠢᠯᠢᠭ ᠤᠨ ᠬᠠᠳᠠ︾᠂ ︽ᠡᠷ᠎ᠡ ᠡᠮ᠎ᠡ ᠶᠢᠨ ᠬᠠᠳᠠ︾ ᠭᠡᠳᠡᠭ᠃ | ᠨᠠᠷᠢᠨ ᠠᠵᠢᠭᠯᠠᠪᠠᠯ᠂ ᠪᠠᠷᠠᠭᠤᠨ ᠲᠠᠯ᠎ᠠ ᠶᠢᠨ ᠪᠣᠰᠤᠭ᠎ᠠ ᠬᠠᠳᠠ ᠨᠢ ᠡᠷ᠎ᠡ ᠪᠢᠯᠳᠡᠷ ᠡᠷᠡᠯᠬᠡᠭ ᠴᠤᠭ ᠲᠠᠢ᠃ ᠬᠠᠶᠢᠷ᠎ᠠ | ᠲᠡᠭᠦᠰ ᠪᠠᠭᠠᠲᠣᠷ ᠡᠷ᠎ᠡ ᠰᠢᠭ ᠰᠦᠭᠯᠡᠶᠢᠵᠦ᠂ ᠠᠭᠤᠤ ᠶᠡᠭᠡ ᠪᠦᠭᠡᠳ ᠠᠷᠢᠭᠤᠨ ᠳᠠᠷᠬᠠᠨ ᠡᠷ᠎ᠡ ᠪᠡᠯᠭᠡ ᠨᠢ ᠰᠠᠷᠠᠶᠢᠵᠤ | ᠪᠠᠶᠢᠬᠤ ᠰᠢᠭ᠋ ᠬᠠᠷᠠᠭᠳᠠᠳᠠᠭ᠃ ᠬᠠᠳᠠᠨ ᠤ ᠦᠨᠳᠦᠷ ᠨᠢ 16 ᠮᠧᠲᠷ᠂ ᠳ᠋ᠢᠶᠠᠮᠧᠲᠷ ᠨᠢ 7 ᠮᠧᠲᠷ ᠪᠤᠢ᠃ ᠵᠡᠭᠦᠨ | ᠲᠠᠯ᠎ᠠ ᠶᠢᠨ ᠪᠤᠰᠤᠭ᠎ᠠ ᠬᠠᠳᠠ ᠨᠢ ᠭᠤᠶᠢᠳᠠ ᠭᠡᠭᠡᠨᠴᠢᠷ ᠴᠡᠴᠡᠭ ᠵᠡᠭᠦᠭᠰᠡᠨ ᠡᠬᠡᠨᠡᠷ ᠬᠦᠮᠦᠨ ᠡᠯᠪᠡᠭ ᠲᠠᠩᠰᠤᠭ | ᠬᠤᠣᠰ ᠬᠥᠬᠦ ᠪᠠᠨ ᠣᠨᠵᠢᠭᠤᠯᠵᠤ᠂ ᠵᠣᠭᠰᠣᠭᠰᠠᠨ ᠰᠢᠭ᠋ ᠬᠠᠷᠠᠭᠳᠠᠳᠠᠭ᠃ ᠬᠠᠳᠠᠨ ᠤ ᠦᠨᠳᠦᠷ 15 ᠮᠧᠲᠷ᠂ | ᠳ᠋ᠢᠶᠠᠮᠧᠲᠷ ᠨᠢ 6 ᠮᠧᠲᠷ᠃ ᠭᠡᠰᠡᠷ ᠪᠤᠭᠲᠠ ᠮᠠᠩᠭᠤᠰ ᠤᠨ ᠥᠬᠢᠨ ᠬᠢᠯᠪᠡᠩ ᠰᠢᠷ᠎ᠠ ᠶᠢ ᠣᠰᠠᠳᠬᠠᠵᠤ᠂ | ᠳᠠᠶᠢᠰᠤᠨ ᠢᠶᠠᠨ ᠳᠠᠷᠣᠵᠤ ᠳᠠᠷᠬᠠᠨ ᠴᠣᠯᠠ ᠪᠠᠨ ᠮᠠᠨᠳᠣᠭᠤᠯᠣᠭᠠᠳ᠂ ᠥᠬᠢᠨ ᠲᠡᠭᠷᠢ ᠶᠢᠨ ᠪᠦᠷᠢᠯᠸ᠎ᠠ丨 ᠠᠵᠤ | ᠭᠤᠸ᠎ᠠ ᠬᠠᠲᠣᠨ ᠲᠠᠢ ᠪᠠᠨ ᠠᠬᠢᠨ ᠡᠶᠡᠰᠴᠤ᠂ ᠵᠠᠵᠢᠨ ᠦᠰᠦ ᠪᠠᠨ ᠴᠠᠶᠢᠲᠠᠯ᠎ᠠ᠂ ᠵᠠᠭᠤ ᠨᠠᠶᠠᠨ ᠨᠠᠰᠣᠯᠠᠲᠠᠯᠠ | ᠠᠮᠢᠳᠣᠷᠠᠭᠠᠳ᠂ ᠠᠯᠲᠠᠨ ᠰᠢᠷᠭᠤᠭᠤᠯ ᠤᠨ ᠬᠠᠷᠠᠭᠤᠯ᠂ ᠠᠷᠠᠳ ᠢᠷᠭᠡᠳ ᠤᠨ ᠢᠶᠠᠨ ᠰᠢᠲᠦᠭᠡᠨ᠂ ᠠᠷᠵᠠᠭ | ᠮᠠᠩᠭᠤᠰ ᠤᠨ ᠳᠠᠷᠣᠯᠭ᠎ᠠ ᠪᠣᠯᠵᠤ ᠠᠰᠬ᠎ᠠ ᠬᠠᠲᠠ ᠪᠣᠯᠤᠨ ᠬᠤᠪᠢᠷᠠᠭᠠᠳ ᠠᠷᠠᠳ ᠣᠯᠠᠨ ᠤ ᠰᠡᠳᠬᠢᠯ ᠳᠤ | ᠮᠦᠩᠬᠡ ᠶᠢᠨ ᠪᠡᠯᠭᠡᠳᠡᠯ ᠪᠣᠯᠤᠨ ᠰᠡᠭᠦᠶᠢᠨ ᠰᠦᠨᠳᠡᠷᠯᠡᠭᠰᠡᠭᠡᠷ ᠠᠵᠠᠢ᠃ ᠬᠤᠵᠢᠮ ᠤᠨ ᠬᠦᠮᠦᠰ ᠡᠳᠡᠭᠡᠷ ᠨᠠᠷᠢᠨ | ᠣᠴᠢᠷ ᠢ ᠮᠡᠳᠡᠬᠦ ᠦᠭᠡᠢ ᠪᠣᠯᠪᠠᠴᠣ ᠡᠪᠦᠭᠡᠨ ᠪᠣᠷᠬᠠᠨ᠂ ᠦᠬᠢᠨ ᠲᠡᠭᠷᠢ ᠶᠢᠨ ᠴᠢᠯᠠᠭᠤᠵᠢᠮᠠᠯ ᠭᠡᠵᠦ ᠦᠶ᠎ᠡ ᠶᠢᠨ | ᠦᠶ᠎ᠡ ᠳᠡᠭᠡᠨ ᠰᠦᠰᠦᠭᠯᠡᠨ᠂ ᠠᠯᠲᠠᠨ ᠰᠢᠷᠭᠤᠭᠤᠯ ᠳᠤ ᠰᠢᠷᠭᠤᠬᠤ ᠪᠣᠯᠭᠠᠨ ᠬᠤᠣᠰ ᠬᠠᠳᠠ ᠶᠢ ᠲᠡᠮᠳᠡᠷᠢᠵᠦ᠂ | ᠦᠷᠦᠰᠢᠶᠡᠯ ᠠᠪᠤᠷᠠᠯ ᠡᠷᠢᠨ ᠦᠨᠡᠨ ᠰᠡᠳᠬᠢᠯ ᠠᠴᠠ ᠪᠠᠨ ᠰᠦᠰᠦᠭᠯᠡᠳᠡᠭ ᠲᠤᠯᠠ ᠬᠤᠣᠰ ᠬᠠᠳᠠ ᠨᠢᠭᠡᠨᠲᠡ ᠬᠦᠯᠢᠭᠡᠷ | ᠬᠦᠷᠡᠩ ᠪᠣᠯᠵᠤ ᠭᠡᠷᠡᠯ ᠬᠢᠯᠪᠠᠭ᠎ᠠ ᠲᠠᠲᠠᠲᠠᠭ ᠪᠣᠯᠵᠠᠢ᠃ | ︵ ᠬᠤᠩ ᠮᠠ ᠯᠢᠶᠠᠨ ᠬᠠᠩᠭᠠᠪᠠ︶ | | |