ᠳᠠᠷᠣᠯᠭ᠎ᠠ ᠶᠢᠨ ᠰᠣᠪᠣᠷᠭ᠎ᠠ
ᠨᠡᠶᠢᠲᠡᠯᠡᠭᠰᠡᠨ ᠴᠠᠭ᠄
2023/5/10
        ︽ᠡᠷᠯᠢᠭ ᠤᠨ ᠬᠠᠷ᠎ᠠ ᠴᠠᠭᠠᠨ ᠡᠭᠦᠳᠡ ᠶᠢᠨ ᠰᠢᠷᠭᠤᠭᠤᠯ︾ ᠠᠴᠠ ᠵᠡᠭᠦᠨ ᠬᠤᠶᠢᠰᠢ ᠪᠠᠷᠤᠭ 70 ᠮᠧᠲᠷ ᠶᠠᠪᠣᠪᠠᠯ ᠠᠭᠤᠯᠠᠨ ᠤ ᠠᠷᠤ ᠳᠣᠬᠤᠨ ᠤ ᠲᠦᠨᠳᠦᠭᠡᠷ ᠲᠤ ᠨᠢᠭᠡᠨ ᠬᠠᠭᠠᠰ ᠨᠢ ᠨᠤᠷᠠᠭᠰᠠᠨ ᠬᠠᠳᠠᠨ ᠰᠣᠪᠣᠷᠭ᠎ᠠ ᠪᠠᠶᠢᠳᠠᠭ᠃ ᠲᠡᠷᠡ ᠪᠣᠯ ᠳᠠᠷᠤᠢ ᠭᠡᠰᠡᠷ ᠪᠣᠭᠳᠠ᠂ ᠬᠢᠯᠪᠠᠩ ᠰᠢᠷ᠎ᠠ ᠶᠢ ᠸᠴᠢᠷ ᠲᠠᠮᠤ ᠪᠠᠷ ᠲᠡᠮᠦᠯᠡᠵᠦ᠂ ᠡᠷᠯᠢᠭ ᠤᠨ ᠡᠭᠦᠳᠡ ᠪᠠᠷ ᠦᠩᠭᠡᠶᠢᠯᠭᠡᠭᠰᠡᠨ ᠠᠴᠠ ᠰᠡᠭᠦᠯᠡᠷ ᠡᠨᠡ ᠭᠠᠵᠠᠷ ᠠᠪᠴᠢᠷᠠᠵᠤ ᠪᠤᠷᠵᠢᠭᠢᠷ ᠬᠠᠳᠠᠨ ᠤ ᠪᠣᠷᠣᠭᠤ ᠠᠷᠤ ᠳᠤ ᠶᠢᠰᠦᠨ ᠪᠤᠯᠠᠭ ᠤᠨ ᠳᠣᠣᠷ᠎ᠠ ᠳᠠᠷᠣᠭᠠᠳ ᠳᠡᠭᠡᠷ᠎ᠡ ᠨᠢ ᠶᠢᠰᠦᠨ ᠦᠶ᠎ᠡ ᠲᠠᠢ ᠬᠠᠳᠠᠨ ᠰᠣᠪᠣᠷᠭ᠎ᠠ ᠪᠣᠰᠬᠠᠵᠤ ᠦᠨᠢᠷ ᠡᠭᠦᠷᠢᠳᠡ ᠦᠨᠳᠡᠶᠢᠵᠦ ᠴᠢᠳᠠᠬᠤ ᠦᠭᠡᠢ ᠪᠣᠯᠭᠠᠭᠰᠠᠨ ᠰᠣᠪᠣᠷᠭ᠎ᠠ ᠪᠣᠯᠣᠨ᠎ᠠ᠃ ᠠᠷᠠᠳ ᠢᠷᠭᠡᠳ ᠣᠯᠠᠨ ᠵᠠᠭᠤᠨ ᠵᠢᠯ ᠤᠨ ᠲᠤᠷᠰᠢ ᠡᠨᠡ ᠬᠦ ᠰᠤᠪᠣᠷᠭ᠎ᠠ ᠶᠢ ᠮᠠᠩᠭᠤᠰ ᠳᠠᠷᠣᠭᠰᠠᠨ ︽ᠳᠠᠷᠣᠯᠭ᠎ᠠ ᠶᠢᠨ ᠰᠣᠪᠣᠷᠭ᠎ᠠ︾ ᠬᠡᠮᠡᠵᠦ ᠰᠠᠨᠠᠭ᠎ᠠ ᠪᠠᠨ ᠠᠷᠢᠭᠤᠳᠬᠠᠵᠤ ᠪᠣᠳᠣᠯ ᠢᠶᠠᠨ ᠵᠠᠰᠠᠬᠤ᠂ ᠡᠪᠡᠳᠴᠢᠨ ᠡᠮᠭᠡᠭ ᠠᠴᠠ ᠪᠠᠨ ᠰᠠᠯᠬᠤ ᠭᠡᠵᠦ ᠰᠣᠪᠣᠷᠭ᠎ᠠ ᠶᠢᠨ ᠭᠠᠳᠠᠭᠤᠷ ᠡᠷᠭᠢᠵᠦ ᠡᠮᠦᠰᠴᠥ ᠵᠡᠭᠦᠭᠰᠡᠨ ᠳᠡᠪᠡᠯ ᠬᠤᠪᠴᠠᠰᠤ᠂ ᠬᠡᠷᠡᠭᠯᠡᠵᠦ ᠵᠠᠷᠣᠭᠰᠠᠨ ᠲᠠᠶᠠᠭ ᠬᠡᠷᠡᠭᠰᠡᠯ ᠢᠶᠠᠨ ᠬᠠᠶᠠᠵᠤ᠂ ᠡᠪᠡᠳᠴᠢᠨ ᠠᠴᠠ ᠠᠩᠭᠢᠵᠢᠷᠠᠵᠤ ᠪᠣᠳᠣᠯ ᠤᠨ ᠳᠠᠷᠣᠭᠠᠰᠤ ᠪᠠᠨ ᠬᠠᠶᠠᠪᠠ ᠭᠡᠵᠦ ᠰᠦᠵᠢᠭ ᠪᠢᠰᠢᠷᠠᠯ ᠢᠶᠠᠨ ᠭᠦᠢᠴᠡᠳᠭᠡᠳᠡᠭ ᠠᠵᠠᠢ᠃                            ︵ᠬᠤᠩ ᠮᠠ ᠯᠢᠶᠠᠨ ᠬᠠᠩᠭᠠᠪᠠ︶
 
ᠢᠷᠡᠯᠲᠡ᠄ ᠵᠠᠷᠤᠳ ᠤᠨ ᠲᠤᠮᠤᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号