| ᠠᠯᠲᠠᠨ ᠰᠢᠷᠭᠤᠭᠤᠯ ᠠᠭᠤᠯᠠᠨ ᠳᠠᠬᠢ ᠲᠣᠯᠣᠭᠠᠢ ᠶᠢᠨ ᠰᠢᠷᠭᠤᠭᠤᠯ ᠠᠴᠠ ᠵᠡᠭᠦᠨᠰᠢ 5 ᠮᠧᠲᠷ ᠵᠠᠶᠢᠲᠠᠢ ᠬᠠᠳᠠᠨ | ᠴᠣᠩᠬᠢᠶᠠᠯ ᠳᠤᠷ ᠨᠢᠭᠡᠨ ᠬᠠᠪᠲᠠᠭᠠᠢ ᠵᠢᠵᠢᠭ ᠠᠭᠤᠢ ᠪᠠᠶᠢᠳᠠᠭ᠃ ᠲᠡᠭᠦᠨ ᠢ ︽ᠴᠢᠬᠢᠨ ᠰᠢᠷᠭᠤᠭᠤᠯ︾ ᠭᠡᠳᠡᠭ᠃ | ᠭᠡᠰᠡᠷ ᠪᠤᠭᠲᠠ ᠰᠠᠯᠬᠢᠨ ᠰᠥᠷᠦᠨ ᠳᠥᠷᠪᠡᠨ ᠵᠠᠭᠤ ᠭᠠᠷᠤᠢ ᠭᠠᠵᠠᠷ ᠳᠣᠪᠲᠣᠯᠵᠤ ᠶᠠᠳᠠᠷᠠᠵᠤ ᠵᠦᠳᠡᠷᠡᠬᠦ ᠶᠢᠨ ᠳᠡᠭᠡᠷ᠎ᠡ | ᠠᠵᠤ ᠮᠡᠷᠭᠡᠨ ᠬᠠᠳᠤᠨ ᠤ ᠬᠠᠷᠪᠣᠭᠰᠠᠨ ᠠᠯᠲᠠᠨ ᠰᠤᠮᠤ ᠶᠢᠨ ᠱᠣᠣᠬᠢᠶᠠᠨ ᠳᠤ᠂ ᠬᠠᠳᠠ ᠶᠢ ᠰᠢᠪᠳᠣᠯᠣᠭᠰᠠᠨ | ᠠᠶᠣᠩᠭ᠎ᠠ ᠶᠢᠨ ᠳᠠᠭᠤᠨ ᠤ ᠳᠣᠷᠬᠢᠯᠲᠠ ᠳᠤ ᠴᠢᠬᠢᠨ ᠰᠣᠨᠣᠷ ᠨᠢ ᠲᠦᠭᠵᠢᠷᠡᠵᠦ᠂ ᠬᠤᠶᠠᠷ ᠴᠢᠬᠢ ᠨᠢ ᠲᠦᠯᠡᠶᠢᠷᠡᠭᠡᠳ | ᠬᠥᠷ ᠨᠠᠷᠭᠢᠶᠠᠨᠲᠤ ᠬᠦᠮᠦᠨ ᠤ ᠣᠷᠴᠢᠯᠠᠩ ᠲᠠᠭ ᠳᠣᠭᠤᠢ ᠪᠣᠯᠵᠠᠢ ᠭᠡᠨ᠎ᠡ᠃ ᠲᠡᠭᠡᠭᠡᠳ ᠭᠡᠰᠡᠷ ᠪᠤᠭᠲᠠ | ᠪᠠᠴᠢᠮᠳᠠᠬᠤ ᠳᠠᠭᠠᠨ ᠬᠠᠷ᠎ᠠ ᠦᠬᠡᠷ ᠤᠨ ᠪᠦᠬᠦᠯᠢ ᠠᠷᠠᠰᠤ ᠪᠠᠷ ᠬᠢᠭᠰᠡᠨ ᠬᠤᠷᠢᠨ ᠵᠢᠩ ᠤᠨ ᠭᠤᠳᠣᠯ ᠢᠶᠠᠷ ᠢᠶᠠᠨ | ᠬᠠᠵᠠᠭᠤ ᠶᠢᠨ ᠬᠠᠳᠠ ᠶᠢ ᠬᠠᠩᠭᠢᠨᠠᠲᠠᠯ᠎ᠠ ᠢᠰᠭᠦᠯᠦᠭᠰᠡᠨ ᠳᠤ ᠬᠠᠪᠲᠠᠭᠠᠢ ᠬᠡᠯᠪᠡᠷᠢᠲᠡᠢ ᠨᠢᠭᠡᠨ ᠨᠦᠭᠡ ᠭᠠᠷᠴᠤ ᠬᠠᠪ | ᠬᠠᠯᠠᠭᠤᠬᠠᠨ ᠤᠰᠤᠨ ᠠᠭᠤᠷ ᠪᠠᠭᠠᠬᠢᠬᠤ ᠳᠤ ᠴᠢᠬᠢ ᠪᠠᠨ ᠰᠢᠷᠭᠤᠭᠤᠯᠵᠤ ᠠᠭᠤᠷ ᠢᠶᠠᠷ ᠨᠢ ᠵᠢᠩᠨᠡᠭᠰᠡᠨ ᠳᠤ ᠲᠡᠷᠡ | ᠳᠣᠣᠷ᠎ᠠ ᠨᠢ ᠴᠢᠬᠢᠨ ᠰᠤᠨᠣᠷ ᠨᠢ ᠨᠡᠬᠡᠬᠡᠭᠰᠡᠵᠦ ᠮᠢᠩᠭᠠᠨ ᠭᠠᠵᠠᠷ ᠤᠨ ᠴᠢᠮᠡᠭᠡ ᠠᠨᠢᠷ ᠢ ᠲᠣᠪ ᠲᠤᠳᠣᠷᠬᠠᠢ ᠰᠣᠨᠣᠰᠬᠤ | ᠪᠣᠯᠵᠠᠢ ᠭᠡᠨ᠎ᠡ᠃ ᠲᠡᠭᠦᠨ ᠠᠴᠠ ᠬᠤᠶᠢᠰᠢ ᠡᠨᠡ ᠬᠦ ᠬᠠᠪᠲᠠᠭᠠᠢ ᠨᠦᠬᠡ ᠨᠢ ︽ᠴᠢᠬᠢᠨ ᠰᠢᠷᠭᠤᠭᠤᠯ︾ ᠪᠣᠯᠵᠤ᠂ | ᠠᠯᠲᠠᠨ ᠰᠢᠷᠭᠤᠭᠤᠯ ᠠᠭᠤᠯᠠᠨ ᠤ ᠪᠠᠰᠠ ᠨᠢᠭᠡᠨ ᠭᠠᠶᠢᠬᠠᠮᠰᠢᠭ ᠪᠣᠯᠵᠤ ᠪᠦᠲᠦᠭᠰᠡᠨ ᠠᠵᠠᠢ᠃ ᠠᠷᠠᠳ ᠣᠯᠠᠨ | ᠠᠯᠲᠠᠨ ᠰᠢᠷᠭᠤᠭᠤᠯ ᠳᠤ ᠰᠢᠷᠭᠤᠬᠤ ᠳᠠᠭᠠᠨ ᠡᠨᠡ ᠬᠦ ︽ᠴᠢᠬᠢᠨ ᠰᠢᠷᠭᠤᠭᠤᠯ︾ ᠳᠤ ᠴᠢᠬᠢ ᠪᠠᠨ ᠰᠢᠷᠭᠤᠭᠤᠯᠣᠨ | ᠡᠪᠡᠳᠴᠢᠲᠡᠢ ᠨᠢ ᠡᠪᠡᠳᠴᠢᠨ ᠢᠶᠠᠨ ᠠᠷᠢᠯᠭᠠᠵᠤ᠂ ᠡᠪᠡᠳᠴᠢᠨ ᠦᠭᠡᠢ ᠨᠢ ᠨᠡᠩ ᠰᠤᠷᠭᠤᠭ ᠰᠤᠨᠤᠷ ᠲᠠᠢ ᠪᠣᠯᠬᠤ ᠶᠢ | ᠳᠠᠭᠠᠳᠬᠠᠳᠠᠭ ᠪᠦᠭᠡᠳ ᠨᠦᠬᠡᠨ ᠤ ᠤᠰᠤ ᠶᠢ ᠴᠢᠬᠢᠨ ᠳᠡᠭᠡᠨ ᠲᠣᠰᠣᠭᠠᠵᠤ᠂ ᠰᠢᠪᠠᠷ ᠰᠢᠷᠤᠢ ᠪᠠᠷ ᠨᠢ ᠴᠢᠬᠢ ᠪᠠᠨ | ᠰᠢᠪᠠᠭ᠋ᠤ ᠵᠡᠷᠭᠡ ᠪᠠᠷ ᠡᠪᠡᠳᠴᠢᠨ ᠲᠠᠬᠤᠯ ᠢᠶᠠᠨ ᠠᠷᠢᠯᠭᠠᠳᠠᠭ᠃ | ︵ᠬᠤᠩ ᠮᠠ ᠯᠢᠶᠠᠨ ᠬᠠᠩᠭᠠᠪᠠ︶ |