ᠲᠣᠯᠣᠭᠠᠢ ᠶᠢᠨ ᠰᠢᠷᠭᠤᠭᠤᠯ
ᠨᠡᠶᠢᠲᠡᠯᠡᠭᠰᠡᠨ ᠴᠠᠭ᠄
2023/3/20
                 ᠬᠠᠮᠠᠷ ᠤᠨ ᠣᠷᠤᠢ ᠠᠴᠠ ᠵᠡᠭᠦᠨᠰᠢᠯᠡᠨ ᠠᠯᠲᠠᠨ ᠰᠢᠷᠭᠤᠭᠤᠯ ᠳᠤ ᠬᠦᠷᠬᠦ ᠬᠠᠲᠠᠨ ᠵᠠᠮ ᠳᠤ ᠨᠢᠭᠡᠨ ᠵᠡᠭᠦᠨᠰᠢ ᠬᠠᠨᠳᠣᠭᠰᠠᠨ ᠵᠢᠵᠢᠭ ᠠᠭᠤᠢ ᠪᠠᠶᠢᠳᠠᠭ᠂ ᠲᠡᠭᠦᠨ ᠢ ᠲᠣᠯᠣᠭᠠᠢ ᠶᠢᠨ ᠰᠢᠷᠭᠤᠭᠤᠯ ᠭᠡᠳᠡᠭ᠃ ᠭᠡᠰᠡᠷ ᠪᠤᠭᠲᠠ ᠮᠠᠩᠭᠤᠰ ᠤᠨ ᠥᠬᠢᠨ ᠬᠢᠯᠪᠠᠩ ᠰᠢᠷ᠎ᠠ ᠶᠢ ᠣᠰᠠᠳᠬᠠᠬᠤ ᠪᠠᠷ ᠲᠣᠭᠤᠯᠵᠢᠨ ᠠᠭᠤᠯᠠᠨ ᠠᠴᠠ ᠭᠠᠭ᠋ᠠᠶᠢᠲᠤ ᠠᠭᠤᠯᠠ ᠬᠦᠷᠬᠦ ᠳᠡᠭᠡᠨ ᠳᠥᠷᠪᠡᠨ ᠵᠠᠭᠤ ᠳᠦᠴᠢᠨ ᠭᠠᠵᠠᠷ ᠢ ᠳᠥᠷᠪᠡᠬᠡᠨ ᠮᠦᠴᠡ ᠪᠠᠷ ᠲᠣᠪᠴᠢᠯᠠᠵᠤ᠂ ᠰᠠᠯᠬᠢ ᠲᠠᠲᠠᠭᠰᠠᠨ ᠪᠢᠯᠢᠭ ᠤᠨ ᠬᠡᠭᠡᠷ ᠤᠨ ᠳᠠᠪᠬᠢᠶᠠᠨ ᠳᠤ ᠲᠣᠯᠣᠭᠠᠢ ᠨᠢ ᠡᠷᠬᠢᠵᠥ ᠨᠢᠳᠦ ᠨᠢ ᠡᠷᠢᠶᠡᠯᠵᠡᠵᠦ ᠪᠠᠶᠢᠭᠰᠠᠨ ᠤ ᠳᠡᠭᠡᠷ᠎ᠡ ᠠᠵᠤ ᠭᠤᠸ᠎ᠠ ᠬᠠᠲᠤᠨ ᠤ ᠬᠤᠪᠢᠯᠭᠠᠨ ᠰᠤᠮᠣ ᠶᠢᠨ ᠠᠯᠲᠠᠨ ᠭᠡᠷᠡᠯ ᠳᠤ ᠨᠢᠲᠣ ᠨᠢ ᠭᠢᠯᠠᠰᠴᠤ᠂ ᠬᠠᠳᠠ ᠶᠢ ᠴᠣᠭᠤᠯᠣᠭᠰᠠᠨ ᠠᠶᠣᠩᠭ᠎ᠠ ᠶᠢᠨ ᠳᠠᠭᠤᠨ ᠳᠤᠨᠢ ᠲᠣᠯᠣᠭᠠᠢ ᠨᠢ ᠲᠣᠶᠢᠨᠡᠷᠡᠵᠦ ᠬᠡᠴᠡᠭᠦᠦ ᠰᠦᠷᠡᠬᠡᠢ ᠡᠪᠡᠳᠪᠡ ᠭᠡᠨ᠎ᠡ᠃ ᠲᠡᠭᠡᠭᠡᠳ ᠠᠳᠬᠤᠭᠰᠠᠨ ᠰᠡᠯᠡᠮ᠎ᠡ ᠪᠠᠷ ᠢᠶᠠᠨ ᠠᠷᠵᠠᠭ ᠬᠠᠳᠠ ᠶᠢ ᠴᠠᠪᠴᠢᠭᠰᠠᠨ ᠳᠤ ᠨᠢᠭᠡᠨ ᠨᠥᠬᠡ ᠭᠠᠷᠴᠤ ᠬᠤᠪᠢᠯᠭᠠᠨ ᠠᠭᠤᠷ ᠪᠠᠳᠠᠷᠠᠪᠠ᠃ ᠭᠡᠰᠡᠷ ᠪᠣᠭᠳᠠ ᠲᠡᠷᠡ ᠨᠥᠬᠡᠨ ᠳᠤ ᠲᠣᠯᠣᠭᠠᠢ ᠪᠠᠨ ᠰᠢᠷᠭᠤᠭᠤᠯᠣᠭᠰᠠᠨ ᠳᠤ ᠳᠦᠲᠡᠭᠡᠨ ᠵᠠᠭᠤᠷ᠎ᠠ ᠲᠠᠷᠢᠬᠢ ᠲᠣᠯᠣᠭᠠᠢ ᠨᠢ ᠰᠡᠷᠭᠦᠭᠵᠢᠨ ᠬᠥᠩᠭᠡᠷᠡᠵᠦ᠂ ᠨᠢᠲᠣ ᠨᠢ ᠲᠣᠩᠭᠠᠯᠠᠭᠰᠢᠨ᠂ ᠰᠡᠳᠬᠢᠯ ᠨᠢ ᠰᠠᠷᠠᠭᠤᠯᠵᠢᠵᠤ᠂ ᠪᠡᠶ᠎ᠡ ᠴᠣᠭᠴᠠᠰ ᠨᠢ ᠲᠠᠭᠠᠯᠠᠮᠵᠢᠲᠠᠢ ᠪᠣᠯᠵᠤ᠂ ᠡᠷ᠎ᠡ ᠴᠢᠳᠠᠯ ᠨᠢ ᠣᠯᠠᠮ ᠬᠦᠪᠴᠢᠯᠡᠭᠳᠡᠭᠰᠡᠨ ᠠᠴᠠ ᠡᠨᠡ ᠬᠦ ᠨᠥᠬᠡ  ᠨᠢ ︽ᠲᠣᠯᠣᠭᠠᠢ ᠶᠢᠨ ᠰᠢᠷᠭᠤᠭᠤᠯ︾ ᠪᠣᠯᠵᠠᠢ ᠭᠡᠨ᠎ᠡ᠃ ᠬᠤᠵᠢᠮ ᠤᠨ ᠬᠦᠮᠦᠰ ᠡᠨᠡ ᠰᠢᠷᠭᠤᠭᠤᠯ ᠳᠤ ᠲᠣᠯᠣᠭᠠᠢ ᠪᠠᠨ ᠵᠢᠩᠨᠠᠬᠦ᠂ ᠰᠢᠷᠤᠢ ᠰᠢᠪᠠᠷ ᠢᠶᠠᠷ ᠨᠢ ᠰᠢᠪᠠᠭ᠋ᠤ᠂ ᠡᠮ ᠪᠣᠴᠠᠯᠭᠠᠵᠤ ᠣᠳᠭᠤᠬᠤ ᠵᠡᠷᠭᠡ ᠪᠠᠷ ᠲᠠᠯ᠎ᠠ ᠲᠣᠯᠣᠭᠠᠢ ᠡᠪᠡᠳᠬᠦ᠂ ᠲᠣᠯᠣᠭᠠᠢ ᠡᠷᠭᠢᠵᠦ ᠨᠢᠲᠣ ᠡᠷᠢᠶᠡᠯᠵᠡᠬᠦ ᠵᠡᠷᠭᠡ ᠲᠣᠯᠣᠭᠠᠢ ᠶᠢᠨ ᠡᠪᠡᠳᠴᠢᠨ ᠢᠶᠠᠨ ᠵᠠᠰᠠᠳᠠᠭ ᠠᠵᠠᠢ᠃ ᠡᠨᠡ ᠰᠢᠷᠭᠤᠭᠤᠯ ᠨᠢ ᠨᠠᠷᠠ ᠭᠠᠷᠬᠤ ᠠᠴᠠ ᠡᠮᠦᠨ᠎ᠡ ᠨᠢᠭᠡᠨ ᠵᠦᠢᠯ ᠤᠨ ᠴᠡᠩᠭᠡᠷ ᠠᠭᠤᠷ ᠪᠠᠭᠠᠬᠢᠳᠠᠭ ᠲᠤᠯᠠ ᠰᠢᠷᠭᠤᠭᠴᠢᠳ ᠶᠡᠷᠦ ᠳᠡᠭᠡᠨ ᠡᠷᠲᠡᠯᠡᠵᠦ ᠰᠢᠷᠭᠤᠳᠠᠭ ᠠᠵᠠᠢ᠃                     ︵ᠬᠤᠩ ᠮᠠ ᠯᠢᠶᠠᠨ ᠬᠠᠩᠭᠠᠪᠠ  ︶  
 
ᠢᠷᠡᠯᠲᠡ᠄ ᠵᠠᠷᠤᠳ ᠤᠨ ᠲᠤᠮᠤᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号