| ᠡᠷᠲᠡ ᠳᠡᠭᠡᠲᠦ ᠦᠶ᠎ᠡ ᠳᠤ᠂ ᠬᠤᠷᠴᠢᠨ ᠤ ᠡᠮᠦᠨᠡᠲᠦ ᠬᠡᠰᠡᠭ ᠲᠤ ᠲᠤᠶᠢᠯ ᠤᠨ ᠬᠦᠨᠳᠦ ᠬᠡᠴᠡᠭᠦᠦ ᠭᠠᠩ | ᠬᠠᠭᠰᠠᠷᠠᠭᠠᠨ ᠪᠣᠯᠵᠤ᠂ ᠭᠤᠣᠯ ᠮᠦᠷᠡᠨ ᠲᠠᠰᠣᠷᠠᠵᠤ ᠰᠢᠷᠬᠢᠭᠡᠳ ᠡᠪᠡᠰᠦ ᠣᠷᠭᠤᠮᠠᠯ ᠬᠠᠲᠠᠵᠤ | ᠬᠤᠪᠠᠭ᠋ᠠᠶᠢᠷᠠᠭᠰᠠᠨ ᠠᠴᠠ ᠠᠮᠢᠲᠠᠨ ᠬᠠᠷ᠎ᠠ ᠲᠡᠷᠢᠭᠦᠳᠡᠨ ᠣᠷᠣᠰᠢᠨ ᠲᠣᠭᠲᠠᠬᠤ ᠳᠤ ᠪᠡᠷᠭᠡᠲᠡᠢ ᠪᠣᠯᠵᠠᠢ ᠭᠡᠨ᠎ᠡ᠃ ᠲᠡᠷᠡ | ᠲᠣᠬᠠᠢ ᠳᠤ᠂ ᠬᠤᠳᠠᠯᠠ ᠬᠤᠷᠯᠣ ᠭᠡᠭᠴᠢ ᠡᠷ᠎ᠡ ᠡᠮ᠎ᠡ ᠬᠤᠶᠠᠭᠤᠯᠠ ᠪᠠᠶᠢᠭᠰᠠᠨ ᠪᠦᠭᠡᠳ ᠬᠤᠪᠢ ᠵᠠᠶᠠᠭ᠎ᠠ ᠲᠠᠢ ᠪᠠᠨ | ᠬᠤᠯᠪᠣᠨ ᠠᠷᠠᠴᠢᠯᠠᠳᠠᠭ ᠬᠤᠷᠢ ᠭᠤᠴᠢᠨ ᠠᠳᠣᠭᠤ ᠦᠬᠡᠷ ᠨᠢ ᠦᠵᠡᠲᠡᠯ᠎ᠡ ᠦᠯᠪᠡᠷᠴᠦ ᠦᠬᠦᠬᠦ ᠳᠤ ᠲᠣᠯᠣᠭᠰᠠᠨ | ᠲᠤᠯᠠ ᠡᠪᠲᠠᠢ ᠨᠤᠲᠤᠭ ᠤᠰᠤ ᠡᠷᠢᠬᠦ ᠪᠠᠷ ᠠᠷᠠᠯᠲᠤ ᠲᠡᠷᠭᠡ ᠪᠠᠨ ᠬᠥᠯᠦᠭᠡᠳ ᠠᠰ ᠬᠤᠶᠢᠲᠤ ᠵᠦᠭ ᠲᠤ | ᠨᠡᠭᠦᠳᠡᠯᠯᠡᠵᠡᠢ᠃ | ᠡᠷ᠎ᠡ ᠡᠮ᠎ᠡ ᠬᠤᠶᠠᠭᠤᠯᠠ ᠬᠡᠭᠡᠷ᠎ᠡ ᠬᠤᠨᠣᠵᠤ ᠬᠡᠲᠡ ᠲᠡᠷᠡᠯᠡᠨ ᠬᠡᠳᠦᠨ ᠰᠠᠷ᠎ᠠ ᠠᠶᠠᠯᠠᠯ᠎ᠠ᠃ ᠭᠡᠪᠡᠴᠦ ᠬᠦᠷᠦᠭᠰᠡᠨ | ᠭᠠᠵᠠᠷ ᠪᠣᠯᠭᠠᠨ ᠳᠤ ᠨᠢ ᠬᠦᠷᠦᠰᠦ ᠰᠢᠷᠤᠢ ᠣᠯᠠᠶᠢᠵᠤ ᠨᠢᠴᠦᠭᠦᠷᠡᠭᠡᠳ ᠬᠦᠯ ᠲᠣᠭᠲᠠᠬᠤ ᠠᠷᠭ᠎ᠠ ᠦᠭᠡᠢ | ᠰᠠᠨᠳᠣᠷᠭᠠᠵᠤ ᠪᠠᠶᠢᠪᠠ᠃ ᠲᠡᠳᠡ ᠬᠤᠶᠠᠷ ︽ᠦᠵᠡᠬᠦ ᠦᠭᠡᠢ ᠪᠠᠨ ᠦᠵᠡᠵᠦ ᠦᠬᠡᠷ ᠴᠠᠮ ᠬᠠᠷᠠᠶᠢᠵᠤ︾ ᠶᠠᠪᠣᠭᠰᠠᠨ | ᠪᠣᠯᠪᠠᠴᠤ ︽ᠲᠡᠭᠷᠢ ᠬᠦᠮᠦᠨ ᠢ ᠠᠯᠠᠬᠤ ᠪᠢᠰᠢ︾ ᠭᠡᠵᠦ ᠢᠲᠡᠭᠡᠵᠦ᠂ ᠠᠯᠢᠪᠠ ᠭᠠᠰᠢᠭᠤᠨ ᠵᠣᠪᠠᠭᠤᠷᠢ ᠶᠢ | ᠲᠡᠰᠪᠦᠷᠢᠯᠡᠨ ᠠᠶᠠᠨ ᠣᠲᠣᠷ ᠬᠦᠭᠡᠭᠡᠯ᠎ᠡ᠃ | ᠬᠠᠪᠤᠷ ᠤᠨ ᠡᠬᠢ ᠬᠠᠩᠰᠢ ᠠᠴᠠ ᠡᠮᠦᠨᠡᠬᠢ ᠨᠢᠭᠡᠨ ᠡᠳᠦᠷ ᠪᠠᠶᠢᠵᠤ ᠪᠢᠯᠡ᠃ ᠲᠡᠷᠡ ᠶᠠᠰᠤᠨ ᠬᠡᠯᠬᠢᠶ᠎ᠡ ᠠᠷᠠᠰᠤᠨ | ᠪᠠᠭᠯᠠᠭ᠎ᠠ ᠪᠣᠯᠣᠭᠰᠠᠨ ᠠᠳᠣᠭᠤ ᠦᠬᠡᠷ ᠤᠳ ᠨᠢ ᠶᠠᠳᠠᠷᠠᠨ ᠣᠯᠠᠳᠠᠵᠤ ᠶᠠᠪᠣᠵᠤ ᠳᠡᠶᠢᠯᠬᠦ ᠦᠭᠡᠢ ᠪᠣᠯᠣᠭᠰᠠᠨ ᠢ | ᠬᠠᠷᠠᠭᠠᠳ ᠲᠡᠰᠭᠡᠯ ᠦᠭᠡᠢ ᠪᠠᠴᠢᠮᠳᠠᠯ᠎ᠠ᠃ ᠴᠢᠩᠭᠢᠭᠡᠳ ᠨᠠᠷᠠ ᠰᠢᠩᠭᠡᠵᠦ ᠨᠠᠭᠤᠢ ᠪᠦᠷᠳᠦᠯᠵᠡᠬᠦ ᠬᠢᠷᠢ ᠳᠤ ᠨᠢᠭᠡᠨ | ᠶᠡᠭᠡ ᠠᠭᠤᠯᠠᠨ ᠤ ᠠᠷᠤ ᠳᠤ ᠬᠦᠷᠴᠦ ᠲᠤᠪᠤ ᠳᠠᠷᠣᠵᠤ ᠬᠤᠨᠤᠭ ᠤᠨ ᠪᠠᠭᠤᠴᠠ ᠠᠪᠣᠪᠠ᠃ ᠦᠨᠡᠬᠡᠨ ᠬᠠᠷᠠᠩᠭᠤᠢ | ᠥᠨᠥᠬᠢ ᠰᠦᠨᠢ ᠲᠡᠭᠷᠢ ᠵᠤᠳᠯᠠᠵᠤ ᠴᠠᠰᠤ ᠪᠣᠷᠣᠭᠠᠨ ᠲᠠᠢ ᠬᠤᠯᠢᠯᠳᠤᠨ ᠣᠷᠣᠭᠠᠳ ᠮᠠᠶᠢᠵᠢᠬᠢ ᠲᠣᠪᠤ ᠶᠢ ᠨᠢ | ᠳᠠᠷᠣᠵᠤ ᠬᠠᠶᠠᠮᠠᠷ ᠮᠠᠰᠢ ᠪᠣᠷᠣᠩᠬᠤᠶᠢᠯᠠᠵᠤ ᠠᠭᠠᠰᠢᠯᠠᠯᠠ᠃ ᠬᠤᠲᠠᠯᠠ ᠬᠤᠷᠯᠤ ᠬᠤᠶᠠᠷ ᠲᠤ ᠬᠠᠮᠢᠭ᠎ᠠ ᠠᠴᠠ ᠨᠤᠶᠢᠷ | ᠬᠦᠬᠡᠬᠡᠵᠦ ᠣᠨᠲᠠᠬᠤ ᠰᠡᠳᠭᠢᠯ ᠪᠠᠶᠢᠬᠤ ᠪᠤᠢ ᠠᠵᠠᠢ︖ ᠡᠵᠡᠨ ᠡᠰᠢ ᠦᠭᠡᠢ ᠡᠭᠡᠷᠡᠮ᠎ᠡ ᠴᠦᠯ ᠳᠡᠭᠡᠷ᠎ᠡ ᠡᠭᠡᠨᠡᠭᠳᠡ | ᠬᠦᠮᠦᠨ ᠮᠠᠯ ᠲᠠᠢ ᠪᠠᠨ ᠴᠦᠮ ᠬᠤᠬᠢᠷᠠᠵᠤ ᠳᠠᠭᠤᠰᠬᠤ ᠠᠴᠠ ᠠᠶᠣᠭᠠᠳ ᠠᠭᠠᠷ ᠬᠤᠷᠮᠣᠰᠲᠠ ᠲᠡᠭᠷᠢ ᠪᠠ ᠠᠭᠤᠯᠠ | ᠤᠰᠤᠨ ᠤ ᠨᠠᠪᠳᠠᠭ ᠰᠠᠪᠳᠠᠭ ᠲᠤ ᠵᠠᠯᠪᠠᠷᠢᠨ ᠳᠠᠭᠠᠳᠬᠠᠵᠤ ᠦᠨᠵᠢᠯᠡ᠃᠃᠃ | ᠳᠠᠷᠠᠭ᠎ᠠ ᠦᠷᠯᠦᠭᠡ ᠨᠢ᠂ ᠴᠠᠰᠤ ᠤᠰᠤᠨ ᠳᠤ ᠳᠡᠪᠲᠦᠵᠦ ᠳᠠᠷᠣᠭᠳᠠᠭᠰᠠᠨ ᠢᠰᠡᠭᠡᠢ ᠪᠦᠷᠢᠶᠡᠰᠦ ᠪᠠᠨ ᠢᠷᠠᠭᠠᠳ | ᠦᠵᠡᠭᠰᠡᠨ ᠴᠢᠨᠢ᠂ ᠲᠣᠩᠭᠠᠯᠠᠭ ᠨᠠᠷᠠᠨ ᠲᠥᠮᠡᠨ ᠪᠠᠷ᠎ᠠ ᠶᠢᠨ ᠠᠭᠤᠳᠠᠮ ᠣᠭᠲᠠᠷᠭᠤᠢ ᠶᠢ ᠭᠡᠶᠢᠭᠦᠯᠵᠦ᠂ ᠲᠡᠷᠲᠡᠭᠡ | ᠬᠦᠲᠦᠯ ᠳᠡᠭᠡᠷ᠎ᠡ ᠪᠤᠭᠤ ᠣᠷᠣᠮᠳᠠᠭᠠᠳ ᠬᠠᠵᠠᠭᠤ ᠶᠢᠨ ᠮᠤᠳᠤᠳ ᠲᠤ ᠪᠣᠯᠵᠣᠮᠣᠷ ᠵᠢᠷᠬᠢᠬᠦ ᠨᠢ ᠰᠤᠨᠣᠰᠳᠠᠵᠤ ᠪᠢᠯᠡ᠃ | ᠲᠡᠳᠡ ᠬᠤᠶᠠᠭᠤᠯᠠ ᠶᠡᠭᠡ ᠯᠡ ᠭᠠᠶᠢᠬᠠᠵᠤ᠂ ᠲᠡᠷᠡ ᠳᠠᠷᠣᠢ ᠲᠤᠪᠤ ᠠᠴᠠ ᠪᠠᠨ ᠭᠠᠷᠴᠤ ᠠᠵᠢᠪᠠᠯ᠂ ᠬᠡᠳᠦᠶᠢᠪᠡᠷ | ᠦᠨᠳᠦᠷ ᠠᠭᠤᠯᠠᠨ ᠤ ᠣᠷᠣᠢ ᠬᠢᠷ᠎ᠠ ᠪᠠᠷ ᠴᠠᠰᠤ ᠴᠠᠶᠢᠯᠵᠠᠪᠠᠴᠤ ᠦᠷᠭᠡᠨ ᠵᠢᠯᠠᠭ᠎ᠠ ᠠᠭᠤᠵᠢᠮ ᠬᠦᠨᠳᠡᠢ ᠳᠤ ᠨᠢ | ᠡᠪᠡᠰᠦ ᠨᠣᠭᠤᠭ᠎ᠠ ᠬᠦᠪᠦᠷᠡᠨ ᠨᠠᠬᠢᠶᠠᠯᠠᠵᠤ᠂ ᠨᠠᠷᠢᠬᠠᠨ ᠣᠷᠣᠰᠬᠠᠯᠲᠤ ᠨᠢᠭᠡᠨ ᠭᠤᠣᠯ ᠤᠷᠲᠤ ᠮᠣᠭᠠᠢ ᠰᠢᠭ᠋ | ᠮᠣᠰᠬᠢᠷᠠᠨ ᠣᠷᠢᠶᠠᠯᠳᠣᠭᠰᠠᠭᠠᠷ ᠪᠠᠷᠠᠭᠤᠨ ᠲᠠᠯ᠎ᠠ ᠪᠠᠷ ᠨᠢ ᠵᠢᠷᠪᠢᠯᠵᠡᠨ ᠦᠩᠭᠡᠷᠡᠭᠡᠳ ᠬᠤᠶᠢᠰᠢ ᠴᠢᠭᠯᠡᠵᠦ ᠲᠡᠮᠡᠦᠯᠦᠨ᠎ᠡ | ᠃ ᠠᠬᠢᠭᠠᠳ ᠯᠠᠪᠯᠠᠨ ᠬᠠᠷᠠᠪᠠᠯ᠂ ᠠᠳᠣᠭᠤ ᠦᠬᠡᠷ ᠤᠳ ᠨᠢ ᠲᠠᠯ᠎ᠠ ᠶᠢᠨ ᠳᠡᠨᠵᠢ ᠳᠤ ᠲᠠᠭᠠᠲᠠᠢ ᠪᠡᠯᠴᠢᠵᠦ᠂ | ᠡᠷᠭᠦᠭᠦᠯᠵᠦ ᠪᠠᠶᠢᠭᠰᠠᠨ ᠬᠡᠳᠦᠨ ᠶᠠᠳᠠᠷ ᠦᠨᠢᠶᠡᠳ ᠠᠴᠠ ᠨᠢ ᠬᠤᠸᠠ ᠬᠠᠯᠵᠠᠨ ᠲᠤᠭᠤᠯ ᠭᠠᠷᠴᠤ ᠡᠬᠡᠰ ᠢᠶᠠᠨ | ᠲᠣᠭᠤᠷᠢᠭᠠᠳ ᠲᠣᠭᠯᠠᠨ᠎ᠠ᠃ ᠡᠨᠡ ᠶᠡᠷᠦ ᠨᠢ ᠵᠡᠭᠦᠲᠦ ᠪᠢᠰᠢ ᠪᠢᠵᠡ︖ ᠭᠡᠵᠦ ᠬᠤᠳᠠᠯᠠ ᠬᠤᠷᠯᠤ ᠬᠤᠶᠠᠷ | ᠢᠲᠡᠭᠡᠵᠦ ᠰᠡᠵᠢᠭᠯᠡᠬᠦ ᠳᠠᠪᠬᠤᠴᠠᠬᠤ ᠳᠠᠭᠠᠨ ᠭᠤᠣᠯ ᠤᠨ ᠡᠷᠭᠢ ᠳᠤ ᠬᠦᠷᠴᠦ ᠡᠯᠢᠭᠡᠳᠡᠨ ᠬᠡᠪᠲᠡᠭᠡᠳ ᠤᠰᠤ ᠶᠢ ᠨᠢ | ᠣᠣᠭᠤᠵᠤ ᠦᠵᠡᠯ᠎ᠡ᠃ ᠠ᠂ ᠶᠠᠭᠠᠬᠢᠭᠰᠠᠨ ᠠᠮᠲᠠᠲᠠᠢ ᠤᠰᠤ ᠪᠤᠢ︖ ᠶᠠᠭ ᠯᠡ ᠪᠠᠯ ᠪᠤᠷᠠᠮ ᠲᠠᠢ ᠤᠮᠳᠠᠭᠠᠨ | ᠠᠳᠠᠯᠢ᠃ ᠳᠡᠨᠵᠢᠨ ᠳᠠᠬᠢ ᠡᠪᠡᠰᠦᠨ ᠠᠴᠠ ᠳᠡᠮᠡᠢ ᠯᠡ ᠲᠠᠰᠣᠲᠠᠨ ᠠᠪᠴᠤ ᠰᠢᠮᠡᠵᠦ ᠵᠠᠵᠢᠯᠣᠯᠠ᠂ ᠤᠭᠤ ᠴᠤ ᠲᠠᠷᠠᠭ | ᠰᠦ ᠶᠢ ᠢᠳᠡᠭᠡᠳ ᠳᠠᠮᠰᠢᠶᠠᠯᠠᠵᠤ ᠪᠠᠶᠢᠬᠤ ᠮᠡᠲᠦ᠂ ᠲᠠᠪᠤᠨ ᠴᠣᠯᠣ ᠨᠢ ᠲᠠᠮᠢᠷᠵᠢᠵᠦ ᠳᠡᠩᠭᠡᠷᠡᠯᠡ᠃ | ᠬᠤᠲᠠᠯᠠ ᠬᠤᠷᠯᠣ ᠬᠤᠶᠠᠭᠤᠯᠠ ᠶᠢᠨ ᠪᠠᠶᠠᠷᠯᠠᠭᠰᠠᠨ ᠭᠡᠵᠢ ᠡ︕ ᠪᠣᠷᠬᠠᠨ ᠲᠡᠭᠷᠢ ᠪᠠ ᠪᠤᠭᠲᠠ | ᠰᠠᠬᠢᠭᠤᠯᠰᠤᠨ ᠳᠤ ᠠᠬᠢᠨ ᠳᠠᠬᠢᠨ ᠰᠦᠵᠢᠭᠯᠡᠨ ᠮᠦᠷᠭᠦᠵᠦ᠂ ᠠᠶᠢᠷᠠᠭ ᠰᠦ ᠶᠢᠨ ᠳᠡᠭᠡᠵᠢ ᠪᠠᠷ ᠭᠠᠯ ᠲᠤᠯᠭ᠎ᠠ ᠪᠠᠨ | ᠮᠢᠯᠢᠶᠡᠵᠦ᠂ ᠲᠠᠪᠤᠨ ᠬᠠᠨᠠᠲᠤ ᠮᠣᠩᠭᠤᠯ ᠭᠡᠷ ᠢᠶᠠᠨ ᠲᠠᠯ᠎ᠠ ᠶᠢᠨ ᠦᠷᠦᠴᠠᠨ ᠳᠤ ᠨᠢ ᠪᠠᠷᠢᠵᠤ ᠰᠠᠭᠤᠭᠠᠳ᠂ ᠡᠨᠡ | ᠰᠠᠶᠢᠬᠠᠨ ᠨᠤᠲᠤᠭ ᠠᠴᠠ ᠡᠭᠦᠷᠢᠳᠡ ᠰᠢᠯᠵᠢᠬᠦ ᠦᠭᠡᠢ ᠪᠠᠷ ᠰᠢᠢᠳᠴᠠᠢ᠃ ᠲᠡᠭᠡᠭᠡᠳ ᠬᠠᠮᠤᠭ ᠠᠴᠠ ᠦᠨᠳᠦᠷ | ᠣᠷᠭᠢᠯ ᠢ ᠨᠢ ︽ᠬᠠᠨ ᠠᠭᠤᠯᠠ︾ ᠭᠡᠵᠦ᠂ ᠲᠡᠵᠢᠭᠡᠯ ᠰᠢᠮᠡᠲᠡᠢ ᠲᠡᠷᠡ ᠤᠰᠤ ᠶᠢ ︽ᠬᠤᠭᠤᠯᠠᠨ ᠭᠤᠣᠯ︾ ᠭᠡᠵᠦ | ᠨᠡᠷᠡᠯᠡᠭᠡᠳ ᠠᠲᠣᠭᠤ ᠮᠠᠯ ᠢᠶᠠᠨ ᠦᠰᠭᠡᠵᠦ ᠠᠮᠤᠷ ᠲᠠᠶᠢᠪᠣᠩ ᠠᠵᠠ ᠵᠢᠷᠭᠠᠯ ᠲᠠᠢ ᠠᠮᠢᠳᠣᠷᠠᠵᠤ ᠭᠡᠨ᠎ᠡ᠃ | ᠣᠳᠣ ᠬᠤᠣᠯᠢᠨ ᠭᠤᠣᠯ ᠳᠤ ᠨᠡᠭᠦᠷᠡᠰᠦ ᠠᠷᠪᠢᠨ ᠭᠠᠷᠳᠠᠭ ᠨᠢ᠂ ᠲᠡᠳᠡ ᠬᠤᠶᠠᠭᠤᠯᠠ ᠦᠬᠡᠷ ᠢᠶᠠᠨ | ᠠᠷᠠᠯᠵᠢᠭᠠᠳ ᠠᠯᠲᠠ ᠮᠦᠩᠬᠦ ᠬᠤᠪᠢᠷᠠᠭᠤᠯᠤᠨ ᠳᠠᠷᠣᠵᠤ ᠬᠠᠶᠠᠭᠰᠠᠨ ᠪᠣᠯᠠᠭᠳᠠᠮᠠᠯ ᠭᠡᠨ᠎ᠡ᠃ ᠡᠨᠡ ᠬᠠᠪᠢ ᠪᠠᠷ | ᠬᠤᠷᠳᠤᠨ ᠮᠣᠷᠢᠳ ᠭᠠᠷᠳᠠᠭ ᠤᠨ ᠰᠢᠯᠳᠠᠭᠠᠨ ᠨᠢ ᠭᠡᠪᠡᠯ᠂ ᠲᠡᠲᠡᠨ ᠤ ᠠᠳᠣᠭᠤ ᠨᠢ ᠬᠤᠯᠠᠨ ᠲᠠᠬᠢ ᠲᠠᠢ | ᠡᠷᠯᠢᠰᠡᠵᠢᠭᠰᠡᠨ ᠲᠠᠢ ᠬᠠᠷᠢᠴᠠᠭ᠎ᠠ ᠲᠠᠢ ᠬᠡᠯᠴᠡᠳᠡᠭ᠃ ᠬᠤᠵᠢᠮ ᠨᠢ ᠬᠡᠳᠦᠨ ᠵᠠᠭᠤᠨ ᠵᠢᠯ ᠦᠩᠭᠡᠷᠡᠵᠦ ᠮᠢᠩᠭᠠᠨ ᠣᠨ | ᠪᠣᠯᠬᠤ ᠳᠤ ᠂ ︽ᠬᠤᠭᠤᠯᠠᠨ ᠭᠤᠣᠯ︾ ᠨᠢ ᠬᠤᠯᠠᠨ ᠭᠤᠣᠯ ᠪᠣᠯᠵᠤ᠂ ︽ᠬᠤᠯᠠᠨ ᠭᠤᠣᠯ︾ ᠨᠢ ᠣᠯᠠᠷᠢᠵᠤ | ᠬᠤᠪᠢᠷᠠᠭᠠᠳ ᠬᠤᠣᠯᠢᠨ ᠭᠤᠣᠯ ᠪᠣᠯᠣᠯ᠎ᠠ ᠭᠡᠨ᠎ᠡ᠃ | ︵ᠪᠠᠲᠤ ᠬᠠᠩᠭᠠᠪᠠ︶ | |