ᠲᠠᠪᠦ‍ ᠨᠢᠭᠡ ᠶᠢᠨ ᠠᠭᠤᠯᠠ
ᠨᠡᠶᠢᠲᠡᠯᠡᠭᠰᠡᠨ ᠴᠠᠭ᠄
2023/2/7
     ᠡᠹᠦ᠋ ᠵᠠᠩᠵᠤᠨ ᠪᠠᠷᠰ ᠪᠠᠷᠢᠬᠤ ᠶᠢᠨ ᠲᠦᠯᠤᠭᠡ ᠠᠮᠢ ᠨᠠᠰᠤ ᠪᠠᠨ ᠠᠯᠳᠠᠭᠰᠠᠨ ᠲᠡᠷᠡ ᠴᠠᠭ ᠲᠤ᠂ ᠲᠠᠪᠤᠨ ᠪᠠᠷᠰ ᠤᠨ ᠨᠢᠭᠡ ᠨᠢ ᠠᠮᠢ ᠮᠤᠯᠳᠤᠷᠠᠨ ᠪᠠᠷᠢᠮᠳᠠ ᠶᠢᠨ ᠵᠡᠭᠦᠨᠳᠡᠬᠢ ᠲᠠᠪᠤᠨ ᠬᠤᠳᠳᠤᠭ ᠤᠨ ᠵᠢᠯᠠᠭ᠎ᠠ ᠶᠢ ᠭᠡᠳᠤᠯᠵᠦ ᠡᠹᠦ᠋ ᠶᠢᠨ ᠵᠢᠯᠠᠭ᠎ᠠ ᠶᠢᠨ ᠪᠠᠷᠠᠭᠤᠨᠳᠠᠬᠢ ᠦᠨᠳᠤᠷ ᠠᠭᠤᠯᠠᠨ ᠳᠤ ᠰᠢᠷᠭᠤᠨ ᠤᠷᠤᠵᠦ ᠠᠮᠢ ᠮᠤᠯᠳᠤᠷᠠᠪᠠ ᠬᠡᠨ᠎ᠡ᠃ ᠡᠹᠦ᠋ ᠪᠠᠨ ᠠᠯᠳᠠᠭᠰᠠᠨ ᠬᠦᠩᠵᠦ ᠬᠢᠭᠡᠳ ᠬᠤᠶᠠᠭ ᠴᠡᠷᠢᠭ ᠡᠮᠭᠡᠨᠢᠯ ᠭᠠᠰᠢᠭᠤᠳᠠᠯ ᠢᠶᠠᠨ ᠬᠤᠷᠤᠰᠤᠯ ᠪᠤᠯᠭᠠᠵᠦ᠂ ᠦᠯᠡᠳᠡᠭᠰᠡᠨ ᠲᠡᠷᠡ ᠪᠠᠷᠰ ᠢ ᠵᠠᠪᠠᠯ ᠪᠠᠷᠢᠬᠤ ᠪᠠᠷ ᠠᠨᠳᠠᠭᠠᠢ ᠲᠠᠯᠪᠢᠵᠦ ᠠᠩᠨᠠᠨ ᠤᠷᠤᠪᠡ᠃ ᠠᠭᠤᠯᠠ ᠦᠨᠳᠤᠷ᠂ ᠰᠢᠭᠤᠢ ᠢᠭᠴᠤ᠂ ᠵᠢᠯᠠᠭ᠎ᠠ ᠠᠭᠤᠳᠠᠮ ᠪᠠᠷᠳᠠᠭ᠎ᠠ ᠶᠡᠭᠡ ᠲᠤᠯᠠ ᠬᠡᠳᠤᠨ ᠮᠢᠩᠭᠠᠨ ᠴᠡᠷᠢᠭ ᠮᠤᠷᠢ ᠬᠡᠳᠤᠨ ᠰᠠᠷ᠎ᠠ ᠬᠤᠮᠤᠷᠭᠠᠯᠠᠨ ᠠᠩᠨᠠᠭᠰᠠᠨ ᠪᠤᠯᠪᠠᠴᠤ ᠰᠢᠷᠬᠠᠳᠤᠭᠰᠠᠨ ᠪᠠᠷᠰ ᠢ ᠤᠯᠤᠭᠰᠠᠨ ᠦᠭᠡᠢ᠂ ᠭᠦᠩᠵᠤ ᠬᠤᠶᠠᠭ ᠴᠡᠷᠢᠭ ᠢᠶᠠᠨ ᠲᠠᠭᠠᠭᠤᠯᠵᠦ ᠡᠨᠡ ᠠᠭᠤᠯᠠ ᠶᠢᠨ ᠪᠠᠷᠠᠭᠤᠨ ᠡᠩᠭᠡᠷ᠂ ᠪᠠᠷᠢᠮᠳᠠ ᠬᠠᠳᠠ ᠶᠢᠨ ᠠᠰ ᠵᠡᠭᠦᠨ ᠳᠤ ᠤᠷᠳᠤᠨ ᠪᠠᠭᠤᠳᠠᠯ  ᠢᠶᠠᠨ ᠪᠠᠶᠢᠭᠤᠯᠵᠦ᠂ ᠡᠳᠤᠷᠵᠢᠨ ᠰᠦᠨᠢᠵᠢᠨ ᠡᠹᠦ᠋ ᠪᠠᠨ ᠲᠤᠷᠠᠰᠤᠨ ᠡᠩᠰᠡᠷᠡᠨ ᠡᠮᠭᠡᠨᠢᠵᠦ ᠪᠠᠶᠢᠵᠦ ᠭᠡᠨ᠎ᠡ᠃ ᠤᠴᠢᠷ  ᠨᠢ ᠪᠡᠭᠡᠵᠢᠩ ᠳᠤ ᠪᠠᠷᠰ ᠬᠦᠷᠭᠡᠬᠦ ᠡᠳᠤᠷ ᠬᠤᠭᠤᠴᠠᠭ᠎ᠠ ᠨᠢᠭᠡᠨᠳᠡ ᠦᠩᠭᠡᠷᠡᠵᠦ᠂ ᠬᠦᠩᠵᠤ ᠦᠪᠡᠷ ᠢᠶᠠᠨ ᠦᠬᠦᠬᠦ ᠦᠭᠡᠢ ᠴᠦ ᠠᠯᠠᠭᠳᠠᠬᠤ ᠶᠠᠯ᠎ᠠ ᠲᠠᠢ ᠪᠤᠯᠤᠭᠠᠳ᠂ ᠡᠷᠬᠢᠮ ᠤᠷᠳᠤᠨ ᠤ ᠬᠡᠭᠡᠨᠴᠢᠷ ᠭᠦᠩᠵᠤ ᠴᠦ ᠡᠭᠡᠯ ᠵᠢᠷ ᠤᠨ ᠠᠷᠠᠳ ᠢ ᠬᠦᠷᠬᠦ ᠦᠭᠡᠢ᠂ ᠲᠦᠮᠡᠨ ᠠᠭᠤᠯᠠ ᠮᠢᠩᠭᠠᠨ ᠤᠰᠤᠨ ᠤ ᠠᠯᠤᠰ ᠠᠴᠠ ᠲᠦᠷᠤ ᠶᠢᠨ ᠲᠦᠪ ᠪᠡᠭᠡᠵᠢᠩ ᠢ ᠲᠤᠷᠠᠰᠪᠠᠴᠤ᠂ ᠲᠦᠷᠤ ᠲᠠᠢ ᠬᠠᠷᠭᠤᠵᠦ ᠲᠦᠷᠢᠮ ᠠᠴᠠ ᠵᠦᠷᠢᠴᠡᠭᠰᠡᠨ ᠭᠡᠬᠦ ᠲᠤᠯᠠ ᠵᠦᠪᠬᠡᠨ ᠬᠦᠳᠡᠭᠡ ᠠᠭᠤᠯᠠᠨ  ᠳᠤ ᠬᠤᠷᠭᠤᠳᠠᠨ ᠠᠩ ᠠᠩᠨᠠᠵᠦ ᠠᠮᠢᠳᠤᠷᠠᠬᠤ ᠠᠴᠠ ᠦᠭᠡᠷ᠎ᠡ ᠵᠠᠮ ᠦᠭᠡᠢ ᠪᠤᠯᠵᠠᠢ᠃ ᠲᠤᠬᠠᠢ ᠶᠢᠨ ᠭᠠᠵᠠᠷ ᠤᠨ ᠠᠷᠠᠳ ᠬᠢᠭᠡᠳ ᠭᠦᠩᠵᠤ ᠶᠢᠨ ᠴᠡᠷᠢᠭ ᠬᠤᠶᠠᠭ᠂ ᠵᠠᠷᠤᠴᠠ ᠢᠨᠵᠢ ᠨᠠᠷ ᠲᠠᠪᠤᠨ ᠪᠠᠷᠰ ᠤᠨ ᠨᠢᠭᠡ ᠨᠢ ᠠᠮᠢ ᠮᠤᠯᠳᠤᠷᠠᠭᠰᠠᠨ ᠡᠨᠡ ᠬᠦ ᠠᠭᠤᠯᠠ ᠶᠢ《 ᠲᠠᠪᠦ‍ ᠨᠢᠭᠡ ᠶᠢᠨ ᠠᠭᠤᠯᠠ》 ᠬᠡᠮᠡᠨ ᠨᠡᠷᠡᠶᠢᠳᠤᠭᠡᠳ ᠡᠹᠦ᠋ ᠪᠠᠨ ᠲᠤᠷᠠᠰᠬᠠᠬᠤ ᠶᠢᠨ ᠲᠦᠯᠤᠭᠡ ᠡᠨᠡ ᠠᠭᠤᠯᠠᠨ ᠤ ᠪᠠᠷᠠᠭᠤᠨ ᠡᠩᠭᠡᠷ ᠲᠤ ᠭᠦᠩᠵᠤ ᠭᠤᠷᠪᠠᠨ ᠵᠢᠯ ᠰᠠᠭᠤᠪᠠ ᠭᠡᠨ᠎ᠡ᠃ ᠡᠳᠤᠭᠡ ᠶᠢᠨ ᠵᠠᠷᠤᠳ ᠬᠤᠰᠢᠭᠤᠨ ᠤ ᠪᠠᠶᠠᠷᠳᠤᠬᠤᠰᠢᠭᠤ ᠪᠠᠯᠭᠠᠰᠤᠨ ᠠᠴᠠ ᠡᠮᠤᠨᠡᠰᠢ 30 ᠭᠠᠵᠠᠷ ᠤᠨ ᠦᠵᠤᠭᠦᠷ  ᠲᠠᠬᠢ ᠬᠠᠶᠢᠷᠬᠠᠨ ᠬᠠᠨ ᠠᠭᠤᠯᠠ ᠶᠢᠨ ᠡᠮᠤᠨ᠎ᠡ 25 ᠭᠠᠵᠠᠷ ᠲᠤ 304 ᠳ᠋ᠤᠭᠡᠷ ᠤᠯᠤᠰ ᠤᠨ ᠵᠠᠰᠠᠮᠠᠯ ᠵᠠᠮ ᠤᠨ ᠵᠡᠭᠦᠨᠳᠠᠢ ᠰᠡᠭᠦᠶᠢᠨ ᠲᠦᠨᠳᠤᠶᠢᠭ᠍ᠰᠡᠨ ᠬᠠᠳᠠᠳᠤ ᠠᠭᠤᠯᠠ ᠪᠤᠯ ᠲᠠᠷᠤᠢ《 ᠲᠠᠪᠦ‍ ᠨᠢᠭᠡ ᠶᠢᠨ ᠠᠭᠤᠯᠠ》 ᠪᠤᠯᠤᠨ᠎ᠠ᠃ ᠠᠷᠠᠳ ᠤᠨ ᠵᠠᠷᠢᠮ ᠶᠠᠷᠢᠶᠠᠨ ᠳᠤ ᠡᠨᠡ ᠠᠭᠤᠯᠠ ᠶᠢ ᠪᠠᠰᠠ《 ᠲᠠᠪᠤᠨᠠᠩ ᠤᠨ ᠠᠭᠤᠯᠠ》 ᠭᠡᠵᠦ ᠬᠡᠯᠡᠳᠡᠭ᠃ ᠲᠠᠪᠤᠨᠠᠩ ᠬᠡᠮᠡᠭᠴᠢ ᠮᠠᠨᠵᠤ ᠬᠡᠯᠡᠨ ᠳᠠᠬᠢ ᠬᠠᠭᠠᠨ ᠤ ᠬᠦᠷᠭᠡᠨ《 ᠡᠹᠦ᠋》 ᠶᠢᠨ ᠶᠤᠰᠤᠳᠠᠢ ᠮᠤᠩᠭᠤᠯ ᠨᠡᠷᠡᠶᠢᠳᠤᠯ ᠮᠥᠨ᠃ ᠮᠢᠨᠤ ᠦᠵᠡᠬᠦ ᠪᠠᠷ《 ᠲᠠᠪᠤᠨᠠᠩ》 ᠭᠡᠳᠡᠭ ᠨᠢ《 ᠲᠠᠪᠦ‍ ᠨᠢᠭᠡ》 ᠶᠢᠨ ᠲᠠᠰᠢᠶ᠎ᠠ ᠲᠠᠭᠤᠳᠠᠯᠭ᠎ᠠ ᠪᠠᠶᠢᠵᠦ ᠮᠡᠳᠡᠨ᠎ᠡ᠃ ᠡᠰᠡᠭᠦᠯ᠎ᠡ ᠠᠷᠠᠳ ᠢᠷᠭᠡᠳ ᠲᠡᠤᠬᠡ ᠶᠢᠨ ᠦᠨᠡᠨ ᠢ ᠦᠯᠤ ᠮᠡᠳᠡᠬᠦ ᠲᠤᠯᠠ ᠡᠹᠦ᠋ ᠶᠢ ᠬᠠᠭᠠᠨ ᠤ ᠬᠦᠷᠭᠡᠨ ᠬᠡᠮᠡᠨ ᠠᠳᠡᠭᠦᠷᠡᠵᠦ ᠲᠠᠪᠤᠨᠠᠩ ᠤᠨ ᠠᠭᠤᠯᠠ ᠬᠡᠮᠡᠨ ᠨᠡᠷᠡᠶᠢᠳᠤᠭ᠍ᠰᠡᠨ ᠴᠦ ᠪᠠᠶᠢᠵᠤ ᠮᠡᠳᠡᠨ᠎ᠡ᠃                                                                                                                         ︵ᠬᠤᠩ ᠮᠠ ᠯᠢᠶᠠᠨ ᠬᠠᠩᠭᠠᠪᠠ︶
 
ᠢᠷᠡᠯᠲᠡ᠄ ᠵᠠᠷᠤᠳ ᠤᠨ ᠲᠤᠮᠤᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号