| ᠡᠷᠲᠡ ᠣᠷᠢᠲᠤ ᠳᠤ᠂ ᠴᠢᠩᠭᠢᠰ ᠬᠠᠭᠠᠨ ᠵᠠᠮᠤᠬ᠎ᠠ ᠲᠠᠢ ᠵᠢᠭᠤᠷᠠᠯᠳᠤᠨ ᠪᠠᠶᠢᠯᠳᠣᠵᠤ ᠬᠤᠶᠢᠨ᠎ᠠ ᠠᠴᠠ ᠨᠢ | ᠨᠡᠬᠡᠮᠵᠢᠯᠡᠨ ᠳᠠᠭᠤᠭᠰᠠᠭᠠᠷ ᠰᠡᠭᠦᠶᠢᠨ ᠰᠦᠨᠳᠡᠷᠯᠡᠭᠰᠡᠨ ᠨᠢᠭᠡᠨ ᠶᠡᠭᠡ ᠠᠭᠤᠯᠠ ᠤ ᠠᠷᠤ ᠬᠤᠷᠮᠣᠢ ᠳᠤ ᠲᠤᠯᠵᠣ | ᠬᠦᠷᠴᠡᠢ᠃ ᠲᠡᠷᠡ ᠲᠣᠬᠠᠢ ᠳᠤ᠂ ᠵᠣᠨ ᠤ ᠣᠯᠠᠷᠢᠯ ᠪᠠᠶᠢᠭᠰᠠᠨ ᠲᠤᠯᠠ ᠴᠡᠷᠢᠭ ᠮᠣᠷᠢ ᠨᠢ ᠶᠠᠳᠠᠷᠠᠵᠤ ᠵᠦᠳᠡᠷᠡᠬᠦ ᠪᠠᠷ | ᠦᠯᠦ ᠪᠠᠷᠠᠨ ᠤᠰᠤ ᠤᠮᠳᠠ ᠲᠠᠰᠣᠷᠠᠭᠠᠳ ᠣᠷᠣᠭᠰᠢᠯᠠᠬᠤ ᠳᠤ ᠪᠡᠷᠬᠡᠲᠡᠢ ᠪᠣᠯᠪᠠ᠃ ᠴᠢᠩᠭᠢᠰ ᠬᠠᠭᠠᠨ ᠡᠨᠡ | ᠪᠠᠶᠢᠳᠠᠯ ᠢ ᠠᠵᠢᠭᠠᠳ ᠠᠯᠪᠠᠨ ᠴᠡᠷᠢᠭ ᠲᠤ ᠠᠮᠠᠷᠠᠵᠤ ᠪᠠᠭᠤᠳᠠᠯᠯᠠᠬᠤ ᠶᠢ ᠵᠠᠷᠯᠠᠵᠤ᠂ ᠰᠢᠳᠡᠷ ᠵᠠᠩᠵᠤᠨ ᠢᠶᠠᠨ | ᠵᠠᠷᠯᠢᠭᠳᠠᠨ ᠤᠰᠤ ᠡᠷᠢᠭᠦᠯᠦᠭᠰᠡᠨ ᠪᠣᠯᠪᠠᠴᠤ ᠣᠯᠣᠭᠰᠠᠨ ᠦᠭᠡᠢ ᠪᠣᠴᠠᠵᠠᠢ᠃ ᠦᠵᠡᠲᠡᠯ᠎ᠡ ᠦᠳᠡᠰᠢ ᠶᠢᠨ ᠪᠠᠷᠠᠭᠠᠨ | ᠬᠥᠰᠢᠭᠡ ᠲᠠᠲᠠᠭᠰᠠᠨ ᠪᠣᠯᠪᠠᠴᠤ ᠣᠮᠳᠠᠭᠠᠰᠴᠤ ᠠᠩᠭᠠᠭᠰᠠᠨ ᠤᠯᠤᠰ ᠠᠮᠢᠲᠠᠳ ᠦᠢᠮᠡᠯᠳᠦᠭᠡᠳ ᠭᠠᠰᠠᠯᠦᠯ ᠵᠣᠪᠠᠯ ᠤᠨ | ᠳᠠᠭᠤᠨ ᠭᠠᠵᠠᠷ ᠲᠡᠭᠷᠢ ᠲᠠᠢ ᠦᠷᠭᠦᠯᠵᠢᠯᠡᠵᠦ ᠪᠠᠶᠢᠯ᠎ᠠ᠃ ᠴᠢᠩᠭᠢᠰ ᠬᠠᠭᠠᠨ ᠴᠡᠷᠢᠭ ᠳᠠᠶᠢᠨ ᠤ ᠣᠴᠢᠷ ᠲᠤ ᠶᠡᠬᠡᠳᠡ | ᠰᠡᠳᠭᠢᠯ ᠵᠣᠪᠠᠵᠤ᠂ ᠴᠠᠴᠠᠷ ᠤᠨ ᠡᠭᠦᠳᠡᠨ ᠳᠤ ᠵᠣᠭᠰᠣᠭᠠᠳ ᠴᠢᠨᠡᠲᠦ ᠦᠨᠳᠦᠷ ᠠᠭᠤᠯᠠ ᠶᠢ ᠠᠵᠢᠪᠠᠯ᠄ ᠴᠠᠰᠤᠲᠤ | ᠣᠷᠭᠢᠯ ᠤᠨ ᠴᠠᠷᠠᠰᠣᠲᠤ ᠬᠦᠲᠥᠯ ᠤᠨ ᠳᠣᠣᠷ᠎ᠠ ᠴᠠᠬᠢᠯᠭᠠᠨ ᠬᠢᠯᠪᠠᠭ᠋ᠤ ᠮᠡᠲᠦ ᠴᠠᠶᠢᠯᠵᠠᠬᠤ ᠨᠢᠭᠡᠨ ᠤᠰᠤ ᠬᠠᠷᠠᠭᠠᠨ ᠳᠤ | ᠨᠢ ᠣᠷᠣᠪᠠ᠃ ᠲᠡᠷᠡ ᠳᠣᠣᠷ᠎ᠠ ᠪᠠᠨ ᠶᠡᠭᠡ ᠪᠠᠷ ᠪᠠᠶᠠᠰᠴᠤ᠂ ᠲᠡᠮᠳᠡᠭ ᠪᠠᠶᠢᠴᠠ ᠶᠢ ᠮᠦᠷᠳᠡᠨ ᠲᠦᠷᠭᠡᠯᠡᠵᠦ | ᠬᠦᠷᠬᠦ ᠳᠤ᠂ ᠬᠠᠳᠠᠨ ᠤ ᠬᠤᠩᠬᠢᠢᠯ ᠳᠤ ᠮᠡᠯᠳᠡᠭᠡᠨᠡᠭᠰᠡᠨ ᠬᠦᠭᠡᠷᠦᠭᠦᠢ ᠪᠢᠴᠢᠬᠠᠨ ᠪᠤᠯᠠᠭ ᠢᠯᠡᠷᠡᠵᠦ᠂ ᠬᠤᠪᠤᠭᠤ ᠪᠠᠷ | ᠬᠡᠳᠦ ᠠᠪᠣᠪᠠᠯ ᠬᠤᠲᠣᠶᠢᠵᠤ ᠰᠢᠷᠬᠢᠮᠠᠷ ᠤᠰᠤ ᠪᠠᠶᠢᠯ᠎ᠠ᠃ ᠠᠢ ᠳ᠋ᠠ᠂ ᠣᠨᠳᠣᠷᠣᠮᠠᠯ ᠪᠤᠯᠠᠭ ᠬᠡᠰᠡᠨ ᠴᠤ ᠤᠰᠤ ᠪᠠᠷ | ᠶᠡᠷᠦ ᠨᠢ ᠠᠨᠠᠶᠢᠬᠠᠨ ᠲᠤᠯᠠ ᠤᠯᠤᠰ ᠤᠨ ᠶᠡᠭᠡ ᠴᠡᠷᠢᠭ ᠲᠤ ᠤᠮᠳᠠ ᠪᠣᠯᠵᠤ ᠬᠡᠷᠬᠢᠨ ᠳᠡᠶᠢᠯᠬᠦ ᠪᠣᠢ︖ ᠭᠡᠵᠦ ᠡᠵᠡᠨ | ᠴᠢᠩᠭᠢᠰ ᠡᠪᠴᠢᠭᠦᠦ ᠪᠠᠨ ᠳᠠᠯᠠᠳᠤᠨ ᠡᠩᠰᠡᠷᠡᠵᠦ ᠵᠣᠪᠠᠭ᠋ᠤ ᠳᠤ᠂ ᠡᠲᠡᠭᠡᠳ ᠴᠠᠩᠭᠠᠭᠰᠠᠨ ᠴᠡᠷᠢᠭ ᠮᠣᠷᠢᠳ ᠬᠠᠷᠢᠨ | ᠡᠷᠡᠦ ᠰᠣᠩᠭᠠᠯᠴᠠᠨ ᠣᠷᠣᠯ᠎ᠠ ᠂᠂᠂᠂᠂ | ᠭᠠᠯᠪᠠ ᠳᠤ ᠭᠠᠭᠴᠠ ᠳᠣᠬᠢᠶᠠᠯᠳᠣᠭᠰᠠᠨ ᠭᠠᠶᠢᠬᠠᠮᠰᠢᠭᠲᠤ ᠣᠨᠴᠠᠷᠠᠯ ᠪᠢᠯᠡ᠃ ᠲᠠᠪᠢᠨ ᠲᠦᠮᠡᠨ ᠴᠡᠷᠢᠭ ᠮᠣᠷᠢᠳ | ᠳᠠᠪᠠ ᠪᠠᠨ ᠬᠠᠨᠲᠠᠯ᠎ᠠ ᠣᠣᠭᠤᠭᠰᠠᠨ ᠪᠣᠯᠪᠠᠴᠤ ᠳᠡᠪᠡᠯᠡᠵᠦ ᠪᠠᠰᠣᠭᠰᠠᠨ ᠲᠡᠷᠡ ᠪᠢᠴᠢᠬᠠᠨ ᠪᠤᠯᠠᠭ ᠵᠢᠭᠠᠬᠠᠨ ᠴᠤ | ᠳᠤᠨᠳᠠᠷᠠᠭᠰᠠᠨ ᠦᠭᠡᠢ᠃ ᠡᠶᠢᠮᠦ ᠬᠠᠴᠢᠨ ᠦᠵᠡᠭᠳᠡᠯ ᠳᠤ ᠡᠵᠡᠨ ᠴᠢᠩᠭᠢᠰ ᠡᠷᠬᠡ ᠦᠭᠡᠢ ᠰᠡᠵᠢᠭ ᠭᠠᠶᠢᠬᠠᠰᠢ | ᠲᠥᠷᠦᠵᠦ᠂ ᠪᠢᠳᠡᠭᠦᠯᠡᠨ ᠠᠪᠴᠤ ᠣᠣᠭᠤᠵᠤ ᠦᠵᠡᠪᠡᠯ ᠪᠡᠯ ᠪᠤᠷᠠᠮ ᠰᠢᠭ᠋ ᠠᠮᠲᠠᠲᠠᠢ ᠪᠠᠶᠢᠯ᠎ᠠ᠃ ᠲᠡᠭᠡᠭᠡᠳ ᠡᠨᠡ | ᠪᠠᠭ᠎ᠠ ᠤᠰᠤᠨ ᠳᠤ ᠡᠲᠡᠭᠡᠳ ᠰᠢᠳᠢ ᠲᠠᠢ ᠶᠢ ᠴᠢᠩᠭᠢᠰ ᠬᠠᠭᠠᠨ ᠮᠡᠳᠡᠭᠡᠳ ᠡᠷᠭᠢᠬᠦ ᠮᠠᠷᠭᠠᠰᠢ ᠶᠢᠨ ᠪᠠᠶᠢᠯᠳᠣᠭᠠᠨ ᠳᠤ | ᠡᠷᠬᠡᠪᠰᠢ ᠳᠡᠶᠢᠯᠬᠦ ᠶᠢ ᠪᠡᠯᠭᠡᠳᠡᠵᠦ᠂ ᠬᠤᠩᠭᠤᠷ ᠪᠢᠴᠢᠬᠠᠨ ᠪᠤᠯᠠᠭ ᠢ ︽ᠬᠤᠭᠤᠯᠠᠨ ᠭᠤᠣᠯ︾ ᠭᠡᠵᠦ ᠨᠡᠷᠡᠯᠡᠭᠰᠡᠨ ᠳᠤ | ᠬᠤᠷᠣᠮᠬᠠᠨ ᠵᠠᠭᠤᠷ᠎ᠠ ᠣᠷᠭᠢᠯᠤᠨ ᠪᠣᠷᠭᠢᠯᠵᠦ ᠬᠤᠲᠣᠭᠤᠷ ᠢ ᠳᠠᠪᠠᠵᠤ ᠬᠠᠯᠬᠢᠯᠠᠭᠰᠠᠨ ᠭᠡᠨ᠎ᠡ᠃ | ᠲᠡᠷᠡ ᠦᠶ᠎ᠡ ᠠᠴᠠ ᠡᠬᠢᠯᠡᠵᠦ᠂ ᠲᠡᠮᠦᠵᠢᠨ ᠤ ᠬᠠᠶᠢᠷᠠᠯᠠᠭᠰᠠᠨ ᠨᠡᠷ᠎ᠡ ᠨᠢ ᠲᠡᠭᠷᠢ ᠶᠢᠨ ᠳᠣᠣᠷ᠎ᠠ ᠳᠠᠭᠤᠷᠢᠰᠴᠠᠢ᠃ | ᠬᠤᠵᠢᠮ ᠨᠢ ᠬᠤᠭᠤᠯᠠᠨ ᠭᠡᠳᠡᠭ ᠨᠢ ᠦᠭᠡᠷᠡᠳᠦᠭᠡᠳ ᠬᠤᠯᠠᠨ ᠭᠡᠵᠦ ᠳᠠᠮᠵᠢᠭᠲᠠᠵᠤ᠂ ᠬᠤᠯᠠᠨ ᠨᠢ ᠳᠠᠬᠢᠵᠤ | ᠣᠯᠠᠷᠢᠭᠰᠠᠭᠠᠷ ᠬᠤᠣᠯᠢᠨ ᠪᠤᠯᠵᠤ ᠬᠤᠪᠢᠷᠠᠭᠰᠠᠨ ᠪᠦᠭᠡᠳ ᠬᠤᠯᠠ ᠣᠶᠢᠷ᠎ᠠ ᠶᠢᠨ ᠮᠣᠩᠭᠤᠯᠴᠣᠳ ᠲᠤ ᠬᠤᠪᠢᠯᠭᠠᠨ | ᠤᠰᠤ ᠪᠠᠷ ᠰᠢᠲᠦᠭᠳᠡᠬᠦ ᠪᠣᠯᠵᠠᠢ ᠭᠡᠨ᠎ᠡ᠃ | ︵ᠪᠠᠲᠤ ᠬᠠᠩᠭᠠᠪᠠ︶ |