ᠵᠠᠷᠤᠳ ᠬᠤᠰᠢᠭᠤᠨ ᠤ ᠭᠡᠷᠴᠢᠯᠠᠭᠤ ᠰᠤᠮᠤ ᠶᠢᠨ ᠬᠦᠭᠡᠷᠭᠡ ᠭᠠᠴᠠᠭᠠᠨ ᠤ ᠬᠤᠶᠢᠳᠤ ᠪᠡᠶ᠎ᠡ ᠳᠤ ᠨᠢᠭᠡᠨ | ᠦᠨᠳᠤᠷ ᠠᠰᠬ᠎ᠠ ᠱᠤᠪᠬᠤ ᠠᠭᠤᠯᠠ ᠪᠠᠶᠢᠳᠠᠭ᠂ ᠲᠡᠭᠦᠨ ᠢ ᠭᠦᠪᠢ ᠶᠢᠨ ᠱᠤᠷᠤᠩ ᠭᠡᠳᠡᠭ᠃ ᠡᠷᠳᠡ ᠲᠡᠭᠡᠳᠤ ᠦᠶ᠎ᠡ | ᠳᠤ᠂ ᠡᠨᠡ ᠨᠤᠳᠤᠭ ᠲᠤ ᠮᠤᠩᠭᠤᠯᠴᠤᠳ ᠮᠠᠯᠵᠢᠨ ᠠᠮᠢᠳᠤᠷᠠᠵᠦ ᠮᠠᠰᠢ ᠡᠩᠬᠡ ᠠᠮᠤᠭᠤᠯᠠᠩ ᠪᠠᠶᠢᠭᠰᠠᠨ ᠭᠡᠨ᠎ᠡ᠃ | ᠨᠢᠭᠡᠨ ᠡᠳᠤᠷ᠂ ᠬᠠᠷᠢ ᠶᠢᠨ ᠲᠡᠭᠡᠷᠡᠮ ᠬᠠᠯᠳᠠᠷ᠎ᠠ ᠢᠷᠡᠵᠦ᠂ ᠠᠷᠠᠳ ᠢᠷᠭᠡᠳ ᠢ ᠠᠯᠠᠵᠦ ᠰᠢᠷᠬᠠᠳᠤᠭᠤᠯᠤᠨ ᠠᠳᠤᠭᠤ | ᠮᠠᠯ ᠢ ᠨᠢ ᠪᠤᠯᠢᠶᠠᠨ ᠡᠵᠡᠷᠬᠡᠵᠦ ᠡᠬᠢᠯᠡᠵᠡᠢ᠃ ᠲᠡᠷᠡ ᠦᠶᠡᠰ ᠲᠤ ᠬᠦᠪᠢ ᠭᠡᠳᠡᠭ ᠨᠡᠷ᠎ᠡ ᠲᠠᠢ ᠬᠦᠳᠡᠷ ᠴᠢᠬᠢᠷᠠᠭ | ᠵᠠᠯᠠᠭᠤ ᠬᠤᠳᠠᠯᠠ ᠤᠯᠠᠨ ᠢᠶᠠᠨ ᠲᠠᠶᠢᠴᠢᠯᠠᠵᠦ ᠬᠤᠤᠷᠳᠠᠨ ᠲᠠᠶᠢᠰᠤᠨ ᠲᠠᠢ ᠪᠠᠶᠢᠯᠳᠤᠨ ᠲᠤᠯᠤᠯᠳᠤᠵᠠᠢ᠃ ᠤᠷᠭ᠎ᠠ | ᠠᠳᠬᠤᠭᠰᠠᠨ ᠮᠠᠯᠴᠢᠳ ᠤᠷᠳᠤ ᠫᠤᠤᠴᠢᠳ ᠲᠠᠢ ᠬᠠᠷᠭᠤᠯᠳᠤᠵᠤ ᠤᠰᠤ ᠭᠠᠯ ᠰᠢᠭ᠋ ᠨᠦᠷᠢᠯᠳᠤᠨ ᠲᠡᠮᠡᠴᠡᠯᠳᠤᠭᠡᠳ | ᠬᠡᠷᠬᠢᠨ ᠪᠤᠯᠬᠤ ᠠᠵᠢ᠃ ᠲᠡᠭᠡᠷᠡᠮ ᠤᠳ ᠬᠦᠪᠢ ᠲᠦᠷᠤᠭᠦᠤ ᠲᠠᠢ ᠬᠤᠷᠢᠭᠠᠳ ᠡᠷᠡᠰ ᠢ ᠬᠦᠨᠳᠡᠯᠡᠨ ᠭᠤᠤ ᠳᠤ | ᠬᠤᠷᠢᠵᠦ ᠪᠦᠰᠡᠯᠡᠭᠡᠳ ᠡᠷᠯᠢᠭ ᠲᠤ ᠤᠴᠢᠬᠤ ᠰᠠᠨᠠᠭ᠎ᠠ ᠦᠭᠡᠢ ᠪᠤᠯ ᠡᠷᠳᠡᠭᠡᠨ ᠪᠠᠭᠤᠵᠦ ᠦᠭ᠂ ᠠᠳᠤᠭᠤ ᠮᠠᠯ ᠢᠶᠠᠨ | ᠪᠦᠬᠦᠨ ᠢ ᠲᠤᠰᠢᠶᠠᠵᠦ ᠠᠰᠳᠠᠭᠠᠨ ᠭᠠᠵᠠᠷ ᠲᠤ ᠲᠤᠨᠢᠯ ᠭᠡᠵᠡᠢ᠃ ᠶᠠᠰᠤ ᠪᠠᠨ ᠬᠤᠭᠤᠯᠪᠠᠴᠤ ᠨᠡᠷ᠎ᠡ ᠪᠠᠨ | ᠭᠤᠳᠤᠭᠠᠬᠤ ᠦᠭᠡᠢ ᠡᠷᠡᠴᠤᠤᠯ ᠶᠠᠷᠭᠠᠴᠢᠳ ᠲᠤ ᠶᠠᠭᠠᠬᠢᠭᠰᠠᠨ ᠴᠦ ᠪᠠᠭᠤᠵᠦ ᠦᠭᠭᠦᠭᠰᠡᠨ ᠦᠭᠡᠢ᠂ ᠬᠦᠪᠢ | ᠲᠦᠷᠤᠭᠦᠯᠡᠨ ᠭᠠᠷ ᠭᠠᠷ ᠢᠶᠠᠨ ᠬᠤᠯᠪᠤᠯᠴᠠᠵᠦ ᠭᠦᠨ ᠭᠠᠩᠭ᠎ᠠ ᠤᠷᠤᠭᠤ ᠬᠠᠷᠠᠶᠢᠵᠠᠢ | ᠲᠡᠭᠡᠭᠰᠡᠨ ᠴᠢᠨᠢ᠂ ᠲᠡᠳᠡᠨ ᠤ ᠨᠤᠭᠤᠰᠤ ᠰᠢᠮ᠎ᠡ ᠰᠢᠮᠡᠳᠤᠭ᠍ᠰᠡᠨ ᠬᠠᠶᠢᠷ ᠨᠢ ᠨᠤᠷ᠎ᠠ ᠬᠠᠳᠠ ᠪᠤᠯᠤᠨ | ᠬᠤᠪᠢᠷᠠᠭᠠᠳ ᠬᠠᠯᠠᠭᠤᠨ ᠴᠢᠰᠤ ᠰᠢᠩᠭᠡᠭᠰᠡᠨ ᠤᠷᠤᠨ ᠠᠴᠠ ᠨᠢ ᠬᠠᠯᠭᠢᠯᠠᠮᠠᠯ ᠪᠤᠯᠠᠭ ᠤᠷᠬᠢᠯᠤᠭᠰᠠᠨ ᠪᠠᠶᠢᠵᠠᠢ᠃ | ᠬᠦᠮᠤᠰ ᠲᠡᠳᠡᠨᠤᠰ ᠢᠶᠠᠨ ᠲᠤᠷᠠᠰᠬᠠᠨ᠂ ᠬᠦᠭᠡ ᠬᠠᠳᠠ ᠶᠢ ᠨᠢ ᠬᠦᠪᠢ ᠶᠢᠨ ᠱᠤᠷᠤᠩ ᠭᠡᠵᠦ᠂ ᠬᠦᠷᠡᠩ ᠪᠤᠯᠠᠭ ᠤᠨ | ᠤᠷᠤᠰᠬᠠᠯ ᠢ ᠨᠢ ᠬᠦᠪᠢ ᠶᠢᠨ ᠭᠤᠤᠯ ᠬᠡᠵᠦ ᠨᠡᠷᠡᠶᠢᠳᠤᠭ᠍ᠰᠡᠨ ᠭᠡᠨ᠎ᠡ᠃ | | ᠪᠠᠳᠤ ᠬᠠᠩᠭᠠᠪᠠ |