ᠤᠩᠭᠤᠨᠳᠠᠯ᠎ᠠ
ᠨᠡᠶᠢᠲᠡᠯᠡᠭᠰᠡᠨ ᠴᠠᠭ᠄
2023/2/27
    ᠵᠠᠷᠤᠳ ᠬᠤᠰᠢᠭᠤᠨ ᠤ ᠪᠠᠶᠠᠨᠮᠠᠩᠬ᠎ᠠ ᠰᠤᠮᠤ ᠶᠢᠨ ᠠᠶᠢᠯ ᠠᠴᠠ ᠪᠠᠷᠠᠭᠤᠨ ᠡᠮᠤᠨᠡᠰᠢ ᠭᠤᠴᠢ ᠲᠦᠴᠢᠨ ᠭᠠᠵᠠᠷ  ᠤᠨ ᠵᠠᠢ ᠳᠤ ᠨᠢᠭᠡᠨ ᠲᠠᠯᠠᠪᠤᠷ ᠭᠠᠵᠠᠷ ᠪᠠᠶᠢᠳᠠᠭ᠃ ᠲᠡᠷᠡ ᠲᠠᠯᠠᠪᠤᠷ ᠭᠠᠵᠠᠷ ᠢ ᠤᠩᠭᠤᠨᠳᠠᠯ᠎ᠠ ᠭᠡᠳᠡᠭ᠃ ᠠᠯᠢ ᠡᠷᠳᠡ ᠲᠡᠭᠡᠷ᠎ᠡ ᠦᠶ᠎ᠡ ᠳᠤ ᠤᠩᠭᠤᠨ ᠮᠤᠳᠤᠨ ᠲᠠᠯ᠎ᠠ ᠭᠡᠵᠦ ᠶᠡᠭᠡ ᠲᠦᠩ ᠮᠤᠳᠤᠳᠤ ᠨᠤᠳᠤᠭ ᠪᠠᠶᠢᠭᠰᠠᠨ ᠭᠡᠨ᠎ᠡ᠃ ᠬᠡᠳᠤᠢ ᠢᠭᠴᠤ ᠪᠠᠯᠠᠷ ᠰᠢᠭᠤᠢ ᠪᠠᠶᠢᠭᠰᠠᠨ ᠴᠦ ᠨᠢᠭᠡ ᠮᠤᠳᠤ ᠦᠷᠤᠭᠡᠰᠤᠨ ᠮᠦᠴᠢᠷ ᠢ ᠨᠢ ᠴᠦ ᠬᠠᠯᠳᠠᠵᠦ ᠬᠦᠳᠡᠯᠭᠡᠵᠦ ᠪᠤᠯᠬᠤ ᠦᠭᠡᠢ ᠲᠤᠭᠳᠠᠭᠠᠯ ᠬᠤᠷᠢᠭ᠎ᠠ ᠲᠠᠢ᠃     ᠲᠡᠭᠡᠭᠡᠳ ᠬᠡᠨ ᠭᠡᠷᠪᠡ ᠲᠡᠷᠡ ᠮᠤᠳᠤᠨ ᠠᠴᠠ ᠭᠠᠯ ᠤᠨ ᠰᠢᠯᠡᠭᠡᠪᠤᠷ ᠤᠨ ᠲᠡᠳᠤᠢ ᠮᠤᠳᠤ ᠶᠢ ᠠᠪᠤᠭᠰᠠᠨ ᠪᠠᠶᠢᠪᠠᠯ ᠨᠢᠭᠡᠨ ᠰᠢᠳᠤᠯᠡᠩ ᠦᠬᠡᠷ ᠢᠶᠠᠷ ᠲᠤᠷᠭᠠᠬᠤ ᠪᠠᠷ ᠪᠠᠷᠠᠬᠤ ᠦᠭᠡᠢ ᠲᠠᠯᠠᠨ ᠮᠤᠳᠤ ᠵᠠᠨᠴᠢᠵᠦ᠂ ᠪᠠᠰᠠ ᠯᠠᠮᠠ ᠵᠠᠯᠠᠵᠦ ᠨᠤᠮ ᠤᠩᠰᠢᠭᠤᠯᠤᠨ ᠰᠠᠩ ᠲᠠᠯᠪᠢᠵᠦ ᠤᠶᠢᠷ᠎ᠠ ᠤᠷᠴᠢᠨ ᠤ ᠬᠦᠮᠤᠨ ᠠᠷᠠᠳ ᠢ ᠨᠢᠭᠡᠨ ᠴᠠᠭ ᠪᠤᠳᠠᠭᠠᠯᠠᠬᠤ ᠤᠴᠢᠷ ᠲᠠᠢ ᠭᠡᠨ᠎ᠡ᠃     ᠪᠤᠭᠤ ᠰᠤᠭᠤ ᠰᠢᠷᠭᠤᠵᠦ ᠲᠡᠶᠢᠯᠬᠦ ᠦᠭᠡᠢ᠂ ᠪᠤᠷᠤᠭᠴᠢᠨ ᠰᠤᠨ ᠨᠢᠰᠤᠨ ᠭᠠᠷᠴᠤ ᠴᠢᠳᠠᠬᠤ ᠦᠭᠡᠢ ᠲᠡᠶᠢᠮᠤ ᠶᠡᠭᠡ ᠨᠠᠷᠠᠰᠤ ᠴᠦᠬᠦᠷᠰᠤ ᠮᠠᠶᠢᠯᠠᠰᠤ ᠬᠠᠶᠢᠯᠠᠰᠤ ᠪᠠᠶᠢᠭᠰᠠᠨ ᠭᠡᠨ᠎ᠡ᠃ ᠤᠳᠤ ᠡᠨᠡ ᠤᠩᠭᠤᠨᠳᠠᠯ᠎ᠠ ᠶᠢᠨ ᠡᠪᠡᠰᠤ ᠪᠡᠯᠴᠢᠭᠡᠷ ᠭᠡᠵᠦ ᠨᠢᠮᠭᠡᠨ ᠪᠠᠶᠢᠭ᠎ᠠ᠃ ᠤᠩᠭᠤᠨ ᠮᠤᠳᠤᠨ ᠲᠠᠯ᠎ᠠ ᠮᠠᠨᠢ ᠤᠳᠤ ᠤᠩᠭᠤᠨᠳᠠᠯ᠎ᠠ ᠭᠡᠬᠦ ᠠᠴᠠ ᠴᠠᠭᠠᠰᠢ ᠦᠭᠡᠢ ᠪᠤᠯᠴᠢᠬᠠᠵᠠᠢ᠃                                 ︵ᠪᠠᠶᠠᠨᠮᠠᠩᠬ᠎ᠠ ᠰᠤᠮᠤ ᠶᠢᠨ ᠭᠠᠳᠠ ᠶᠢᠨ ᠶᠠᠷᠢᠭᠰᠠᠨ ᠢ ᠠᠯᠳᠠᠨᠪᠠᠭᠠᠨ᠎ᠠ ᠲᠡᠮᠳᠡᠭᠯᠡᠪᠡ︶
 
ᠢᠷᠡᠯᠲᠡ᠄ ᠵᠠᠷᠤᠳ ᠬᠤᠰᠢᠭᠤᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号