| ᠥᠩ ᠦᠵᠡᠮᠵᠢᠲᠦ ᠵᠠᠷᠣᠳ ᠬᠤᠰᠢᠭᠤᠨ ᠤ ᠲᠦᠮᠡᠨ ᠠᠭᠤᠯᠠᠰ ᠤᠨ ᠳᠣᠮᠳᠠᠭᠤᠷ ᠮᠤᠰᠭᠢᠷᠡᠨ ᠣᠭᠠᠯᠵᠠᠯᠠᠬᠤ | ᠠᠯᠢᠶ᠎ᠠ ᠶᠢᠨ ᠭᠤᠣᠯ ᠤᠨ ᠵᠡᠭᠦᠨ ᠬᠦᠪᠡᠭᠡ ᠳᠡᠭᠡᠷ᠎ᠡ᠂ ᠭᠡᠷᠴᠢᠯᠠᠭᠤ ᠰᠤᠮᠣ ᠶᠢᠨ ᠬᠠᠲᠠᠨ ᠠᠶᠢᠯ ᠭᠠᠴᠠᠭᠠᠨ ᠤ ᠡᠮᠦᠨ᠎ᠡ᠂ | ᠬᠡᠳᠦᠨ ᠵᠠᠭᠤᠨ ᠣᠨ ᠣᠷᠭᠤᠭᠰᠠᠨ ᠤᠷᠲᠤ ᠨᠠᠰᠣᠲᠤ ᠬᠡᠳᠦᠨ ᠰᠠᠭᠤᠷᠢ ᠪᠦᠲᠦᠭᠦᠨ ᠬᠠᠶᠢᠯᠠᠰᠤᠨ ᠮᠣᠲᠤ ᠪᠠᠶᠢᠳᠠᠭ | ᠪᠢᠯᠡ᠃ ᠬᠦᠮᠦᠰ ᠶᠡᠷᠦ ᠳᠡᠭᠡᠨ ᠪᠦᠲᠦᠭᠦᠨ ᠮᠣᠲᠤ ᠭᠡᠳᠡᠭ᠃ | ᠣᠯᠠᠮᠵᠢᠯᠠᠯ ᠶᠠᠷᠢᠶ᠎ᠠ ᠪᠠᠷ ᠴᠠᠬᠠᠷ ᠤᠨ ᠪᠣᠷᠨᠠᠢ ᠸᠠᠩ ᠴᠢᠩ ᠤᠨ ᠨᠤᠶᠠᠷᠬᠠᠯ ᠢ ᠡᠰᠡᠷᠭᠦᠴᠡᠨ ᠰᠣᠶᠣᠮᠪᠤ ᠦᠰᠦᠭᠲᠦ | ᠬᠥᠬᠡ ᠲᠤᠭ ᠢᠶᠠᠨ ᠮᠠᠨᠳᠣᠭᠤᠯᠣᠨ᠂ ᠣᠯᠠᠨ ᠵᠠᠩᠵᠤᠨ ᠴᠡᠷᠢᠭ ᠢᠶᠠᠨ ᠳᠠᠭᠠᠭᠤᠯᠤᠨ ᠳᠣᠯᠣᠯᠳᠣᠵᠤ ᠶᠠᠪᠣᠭᠰᠠᠭᠠᠷ᠂ | ᠨᠢᠭᠡᠨ ᠬᠠᠪᠤᠷ ᠵᠠᠷᠣᠳ ᠤᠨ ᠠᠯᠢᠶ᠎ᠠ ᠶᠢᠨ ᠭᠤᠣᠯ ᠢ ᠦᠭᠡᠳᠡᠯᠡᠨ ᠬᠤᠶᠢᠰᠢ ᠭᠠᠷᠬᠤ ᠳᠠᠭᠠᠨ ᠠᠳᠡᠬᠢ ᠶᠢᠨ ᠠᠭᠤᠯᠠ | ᠤᠰᠤᠨ ᠤ ᠴᠡᠩᠭᠡᠷᠯᠡᠬᠦ ᠰᠠᠶᠢᠬᠠᠨ ᠦᠵᠡᠮᠵᠢ ᠶᠢ ᠪᠠᠭ᠋ᠠᠷᠠᠨ ᠬᠠᠶᠢᠯᠠᠰᠤᠨ ᠵᠤᠭ᠎ᠠ ᠠᠪᠴᠢᠷᠠᠨ ᠭᠠᠵᠠᠷ ᠲᠤ ᠪᠣᠯᠠᠭᠠᠳ᠄ ︿ | ᠨᠤᠲᠤᠭ ᠰᠠᠶᠢᠬᠠᠨ ᠪᠣᠯᠬᠤ ᠪᠤᠯᠳᠣᠭᠠᠢ᠂ ᠬᠠᠶᠢᠯᠠᠰᠤ ᠮᠢᠨᠢ ᠪᠦᠲᠦᠭᠦᠨ ᠣᠷᠭᠤᠬᠤ ᠪᠣᠯᠳᠣᠭᠠᠢ᠂ ᠬᠤᠵᠢᠮ ᠴᠢ | ᠪᠦᠳᠦᠭᠦᠷᠡᠵᠦ ᠭᠦᠢᠴᠡᠭᠡᠳ ᠨᠠᠮᠠᠭ᠎ᠠ ᠴᠢᠨᠢ ᠣᠨᠵᠢᠢᠨ ᠭᠠᠵᠠᠷ ᠲᠤ ᠲᠤᠯᠬᠤ ᠦᠶ᠎ᠡ ᠳᠤ ᠪᠢ ᠳᠠᠬᠢᠵᠤ ᠢᠷᠡᠨ᠎ᠡ ᠰᠢᠦ﹀ | ᠭᠡᠵᠦ ᠬᠡᠯᠡᠭᠡᠳ ᠬᠤᠩᠭᠤᠷ ᠮᠣᠷᠢᠨ ᠳᠠᠭᠠᠨ ᠮᠤᠷᠳᠠᠵᠤ ᠪᠤᠭᠲᠠ ᠠᠭᠤᠯᠠ ᠶᠢ ᠵᠣᠷᠢᠭᠰᠠᠨ ᠭᠡᠨ᠎ᠡ᠃ ᠪᠤᠷᠣᠨᠠᠢ ᠸᠠᠩ ᠤᠨ | ᠠᠯᠳᠠᠷ ᠮᠦᠩᠭᠡᠷᠡᠯᠡ᠂ ᠪᠣᠳᠠᠯᠠᠭᠰᠠᠨ ᠬᠠᠶᠢᠯᠠᠰᠤ ᠨᠢ ᠠᠷᠪᠠᠨ ᠬᠦᠮᠦᠨ ᠳᠠᠪᠠᠷᠢᠮᠠ ᠪᠦᠲᠦᠭᠦᠷᠡᠯᠡ᠂ ᠪᠦᠲᠦᠭᠦᠨ ᠮᠣᠳᠤ | ᠭᠡᠵᠦ ᠪᠦᠬᠦᠨ ᠳᠡᠭᠡᠨ ᠳᠠᠭᠤᠳᠠᠭᠳᠠᠯᠠ᠂ ᠪᠦᠲᠦᠭᠦᠨ ᠮᠣᠳᠤ ᠶᠢᠨ ᠰᠠᠶᠢᠬᠠᠨ ᠲᠣᠮᠤᠭ ᠬᠦᠮᠦᠨ ᠬᠤᠷᠸ᠎ᠠ ᠳᠤ | ᠮᠠᠷᠲᠠᠭᠲᠠᠰᠢ ᠦᠭᠡᠢ ᠳᠠᠭᠤᠷᠢᠰᠣᠯᠠ᠃ | ︵ᠯᠤᠤᠽᠠᠷ ᠬᠡᠯᠡᠵᠦ ᠴᠡᠴᠡᠭ ᠲᠡᠮᠳᠡᠭᠯᠡᠪᠡ︶ |