| ᠲᠣᠯᠣᠭᠠᠢ ᠶᠢᠨ ᠰᠢᠷᠭᠤᠭᠤᠯ ᠠᠴᠠ ᠠᠰ ᠬᠤᠶᠢᠰᠢ ᠶᠠᠪᠣᠪᠠᠯ᠂ ᠠᠭᠤᠯᠠ ᠶᠢᠨ ᠠᠷᠤ ᠪᠡᠯ ᠳᠡᠭᠡᠷ᠎ᠡ ︵ᠠᠯᠲᠠᠨ | ᠰᠢᠷᠭᠤᠭᠤᠯ ᠤᠨ ᠵᠡᠭᠦᠨ ᠬᠤᠶᠢᠨ᠎ᠠ︶ ᠸᠴᠢᠷ ᠲᠠᠮᠤ ᠶᠢᠨ ᠬᠠᠳᠠ ᠬᠡᠮᠡᠨ ᠠᠰ ᠭᠤᠵᠤᠩ ᠨᠢᠭᠡᠨ ᠴᠠᠪᠴᠢᠮ᠎ᠠ | ᠪᠦᠭᠡᠷᠡᠩᠬᠡᠢ ᠬᠠᠳᠠ ᠪᠠᠶᠢᠳᠠᠭ᠃ ᠲᠡᠭᠦᠨ ᠢ ᠬᠤᠯᠠ ᠠᠴᠠ ᠬᠠᠷᠠᠬᠤ ᠳᠤ ᠶᠠᠭ ᠯᠠ ᠨᠢᠭᠡ ᠡᠷ᠎ᠡ ᠪᠡᠯᠭᠡ ᠰᠢᠭ ᠪᠠᠶᠢᠳᠠᠭ᠃ | ᠭᠡᠰᠡᠷ ᠪᠣᠭᠳᠠ ᠮᠠᠩᠭᠤᠰ ᠤᠨ ᠥᠬᠢᠨ ᠬᠢᠯᠪᠠᠩ ᠰᠢᠷ᠎ᠠ ᠶᠢ ᠠᠳᠡ ᠪᠠᠷᠢᠵᠤ ᠠᠪᠴᠢᠷᠠᠭᠠᠳ᠂ ᠲᠡᠭᠦᠨ ᠤ | ᠦᠢᠯᠡᠳᠦᠭᠰᠡᠨ ᠱᠠᠯᠢᠭ ᠵᠠᠪᠬᠠᠢ᠂ ᠭᠠᠵᠢᠭᠤ ᠬᠠᠷᠭᠢᠰ ᠶᠠᠯ᠎ᠠ ᠨᠢᠭᠦᠯ ᠢ ᠵᠠᠯᠬᠠᠭᠠᠬᠤ ᠶᠢᠨ ᠲᠦᠯᠦᠭᠡ ︵ᠠᠷᠠᠳ ᠤᠨ | ᠶᠠᠷᠢᠶᠠᠨ ᠳᠤ ᠬᠢᠯᠪᠠᠩ ᠰᠢᠷ᠎ᠠ ᠭᠦᠷᠦᠭᠰᠡᠨ ᠭᠠᠵᠠᠷ ᠪᠦᠬᠦᠨ ᠳᠤ ᠡᠷ᠎ᠡ ᠭᠦᠢᠰᠦᠲᠡᠨ ᠢ ᠮᠠᠩᠭᠤᠰ ᠤᠨ ᠠᠭᠤᠢ ᠳᠠᠭᠠᠨ | ᠪᠠᠷᠢᠵᠤ ᠠᠪᠠᠴᠢᠭᠠᠳ ᠭᠠᠵᠢᠭᠤ ᠲᠠᠴᠢᠶᠠᠯ ᠢᠶᠠᠨ ᠬᠠᠩᠭᠠᠳᠠᠭ ᠭᠡᠨ᠎ᠡ᠃ ᠡᠮ᠎ᠡ ᠮᠠᠩᠭᠤᠰ ᠭᠡᠳᠡᠭ ᠭᠠᠵᠢᠭᠤ ᠰᠣᠯᠣᠭᠠᠢ | ᠪᠢᠯᠢᠭ ᠤᠨ ᠪᠢᠰᠢᠯᠭᠠᠯ ᠲᠠᠢ ᠴᠢᠳᠭᠦᠷ ᠲᠤᠯᠠ ᠡᠷ᠎ᠡ ᠪᠣᠯᠭᠠᠨ ᠬᠡᠷᠬᠢᠨ ᠲᠡᠭᠦᠨ ᠤ ᠬᠦᠰᠡᠯ ᠲᠠᠴᠢᠶᠠᠯ ᠢ ᠬᠠᠩᠭᠠᠵᠤ | ᠳᠡᠶᠢᠯᠬᠦ ᠠᠵᠢ᠂ ᠡᠰᠡ ᠬᠠᠩᠭᠠᠵᠤ ᠴᠢᠳᠠᠭᠰᠠᠨ ᠡᠷᠡᠭᠳᠡᠶᠢᠴᠦᠳ ᠢ ᠦᠯᠡᠳᠡᠭᠡᠯ ᠦᠭᠡᠢ ᠪᠠᠷᠢᠵᠤ ᠢᠳᠡᠳᠡᠭ ᠲᠤᠯᠠ | ᠲᠤᠭ᠎ᠠ ᠲᠣᠮᠰᠢ ᠦᠭᠡᠢ ᠤᠯᠠᠨ ᠡᠷᠡᠴᠦᠳ ᠬᠢᠯᠢᠰ ᠢᠶᠠᠷ ᠲᠡᠭᠦᠨ ᠳᠤ ᠬᠤᠣᠷᠯᠠᠭᠳᠠᠪᠠ ᠭᠡᠨ᠎ᠡ︶ ᠬᠠᠳᠠ ᠶᠢ ᠴᠠᠪᠴᠢᠨ | ᠴᠢᠯᠠᠭᠤᠨ ᠸᠴᠢᠷ ᠪᠦᠲᠦᠭᠡᠵᠦ᠂ ᠦᠢᠯᠡ ᠶᠢᠨ ᠦᠷ᠎ᠡ ᠶᠢᠨ ᠳᠠᠷᠣᠯᠭ᠎ᠠ ᠬᠡᠮᠡᠨ ᠦᠪᠡᠷ ᠤᠨ ᠪᠡᠶ᠎ᠡ ᠶᠢᠨ ᠠᠷᠭ᠎ᠠ ᠶᠢᠨ | ᠷᠢᠳᠢ ᠪᠠᠷ ᠠᠮᠢᠯᠠᠭᠤᠯᠣᠭᠠᠳ᠂ ᠬᠠᠨᠵᠤ ᠴᠠᠳᠣᠰᠢ ᠦᠭᠡᠢ ᠬᠠᠷᠬᠢᠰ ᠰᠢᠨᠤᠯ ᠲᠠᠢ ᠬᠢᠯᠪᠠᠩ ᠰᠢᠷ᠎ᠠ ᠳᠤ ᠬᠠᠳᠠᠨ | ᠸᠴᠢᠷ ᠤᠨ ᠠᠮᠲᠠ ᠶᠢ ᠦᠵᠡᠭᠦᠯᠵᠦ᠂ ᠭᠠᠵᠢᠭᠤ ᠲᠠᠴᠢᠶᠠᠯ ᠢ ᠨᠢ ᠳᠠᠷᠤᠵᠠᠢ ᠭᠡᠨ᠎ᠡ᠃ ᠸᠴᠢᠷ ᠬᠡᠮᠡᠭᠴᠢ ᠡᠨᠡᠳᠭᠡᠭ | ᠭᠠᠷᠤᠯᠲᠠᠢ ᠲᠥᠪᠡᠳ ᠦᠭᠡ᠂ ᠡᠷᠳᠡᠨᠢ ᠭᠡᠬᠦ ᠤᠳᠬ᠎ᠠ ᠲᠠᠢ᠃ ᠡᠮᠨᠡᠯᠭᠡ ᠪᠠ ᠱᠠᠰᠢᠨ ᠤ ᠣᠬᠠᠭᠠᠨ ᠳᠤ ᠪᠠᠰᠠ ᠡᠷ᠎ᠡ | ᠪᠡᠯᠭᠡ ᠶᠢ ᠵᠢᠭᠠᠬᠠᠨ ᠳᠠᠯᠲᠠ ᠪᠣᠯᠪᠠᠰᠤᠨ ᠤᠳᠬ᠎ᠠ ᠲᠠᠢ᠃ ᠲᠠᠮᠤ ᠬᠡᠮᠡᠭᠴᠢ ᠬᠦᠰᠡᠭᠴᠢ ᠵᠦᠢᠯ ᠢᠶᠠᠨ ᠣᠯᠬᠤ ᠶᠢᠨ | ᠲᠦᠯᠦᠭᠡ ᠬᠦᠷᠦᠭᠰᠡᠨ ᠭᠠᠵᠠᠷ ᠪᠦᠬᠦᠨ ᠳᠤ ᠨᠢᠭᠦᠯ ᠬᠢᠯᠢᠨᠴᠡ ᠶᠢ ᠦᠢᠯᠡᠳᠦᠭᠰᠡᠨ ᠮᠠᠭᠤ ᠠᠮᠢᠲᠠᠨ ᠢ ᠲᠡᠷᠡ | ᠬᠦᠰᠡᠭᠰᠡᠨ ᠵᠦᠢᠯ ᠤᠨ ᠬᠢᠨᠢ ᠬᠡᠲᠦ ᠮᠤᠳᠧᠯ ᠢᠶᠠᠷ ᠶᠠᠯᠠᠲᠠᠨ ᠵᠠᠯᠬᠠᠭᠠᠬᠤ ᠶᠢ ᠵᠦᠢᠷᠯᠡᠵᠡᠢ᠃ ᠰᠢᠷᠭᠤᠭᠤᠯ ᠭᠡᠳᠡᠭ ᠨᠢ | ᠲᠡᠷᠡ ᠬᠦ ᠸᠴᠢᠷ ᠢᠶᠠᠷ ᠲᠡᠮᠦᠯᠡᠭᠰᠡᠨ ᠤᠴᠢᠷ ᠬᠤᠵᠢᠮ ᠤᠨ ᠬᠦᠮᠦᠰ ᠢ ᠰᠤᠷᠭᠠᠨ ᠰᠡᠷᠡᠮᠵᠢᠭᠦᠯᠬᠦ ᠶᠢᠨ ᠲᠣᠯᠠᠲᠠ | ᠲᠡᠭᠦᠨ ᠤ ᠭᠠᠳᠠᠭᠤᠷ ᠲᠣᠭᠤᠷᠢᠨ ᠡᠷᠢᠵᠦ ᠶᠠᠯ᠎ᠠ ᠨᠢᠭᠦᠯ ᠬᠢᠬᠦ ᠶᠢ ᠴᠠᠭ ᠢᠮᠠᠭᠲᠠ ᠬᠢᠴᠢᠶᠡᠯᠭᠡᠬᠦ ᠬᠡᠮᠡᠬᠦ ᠤᠳᠬ᠎ᠠ ᠲᠠᠢ᠃ | ᠪᠠᠰᠠ ᠡᠷ᠎ᠡ ᠪᠡᠯᠭᠡ ᠬᠡᠮᠡᠭᠴᠢ ᠬᠦᠮᠦᠨ ᠲᠦᠷᠦᠯᠬᠢᠲᠡᠨ ᠤ ᠡᠭᠦᠰᠦᠯ ᠬᠦᠭᠵᠢᠯ ᠤᠨ ᠠᠷᠭ᠎ᠠ ᠶᠢᠨ ᠰᠢᠲᠦᠭᠡᠨ᠃ ᠲᠡᠷᠡ | ᠨᠢ ᠡᠷᠬᠢᠮ ᠳᠡᠭᠡᠲᠦ᠂ ᠠᠷᠢᠭᠤᠨ ᠳᠠᠷᠬᠠᠨ᠂ ᠡᠴᠢᠨ᠎ᠡ ᠨᠢᠭᠤᠴᠠ᠂ ᠬᠦᠮᠦᠨ ᠪᠦᠬᠦᠨ ᠤ ᠬᠦᠨᠳᠦᠳᠭᠡᠯ ᠢ ᠣᠯᠬᠤ | ᠲᠤᠯᠠ ᠲᠡᠭᠦᠨ ᠢ ᠰᠦᠰᠦᠭᠯᠡᠨ ᠲᠠᠬᠢᠬᠤ ᠭᠡᠰᠡᠨ ᠤᠳᠬ᠎ᠠ ᠲᠠᠢ ᠪᠠᠶᠢᠬ᠎ᠠ︖ ᠡᠨᠡ ᠢᠨᠤ ᠡᠸᠦ᠋ᠷᠦᠫᠡ ᠲᠢᠪ ᠤᠨ | ᠡᠷᠲᠡᠨ ᠤ ᠰᠣᠶᠣᠯ ᠳᠠᠬᠢ ᠡᠷ᠎ᠡ ᠪᠡᠯᠭᠡ ᠶᠢ ᠰᠦᠵᠢᠭᠯᠡᠵᠦ ᠲᠠᠬᠢᠬᠤ ᠪᠣᠯᠪᠠᠰᠤᠨ ᠠᠴᠠ ᠬᠤᠯᠠ ᠡᠮᠦᠨ᠎ᠡ ᠪᠤᠢ ᠪᠣᠯᠣᠭᠰᠠᠨ | ᠪᠣᠯᠪᠠᠰᠤᠨ ᠰᠤᠶᠣᠯ ᠤᠨ ᠥᠪ ᠪᠣᠯᠬᠤ ᠪᠦᠭᠡᠳ ᠪᠠᠶᠢᠭᠠᠯᠢ ᠨᠡᠶᠢᠭᠡᠮ ᠤᠨ ᠬᠦᠭᠵᠢᠯ ᠳᠤ ᠪᠣᠢ ᠪᠣᠯᠣᠭᠰᠠᠨ ᠠᠮᠢᠲᠣ | ᠳᠦᠷᠰᠦᠯᠢᠭ ᠲᠡᠦᠬᠡ ᠶᠢᠨ ᠦᠨᠡᠨ ᠪᠣᠯᠬᠤ ᠠᠵᠢ᠃ ᠲᠡᠷᠡ ᠬᠦ ᠴᠢᠯᠠᠭᠤᠨ ᠸᠴᠢᠷ ᠤᠨ ᠭᠠᠳᠠᠭᠤᠷ ᠲᠣᠭᠤᠷᠢᠵᠤ | ᠰᠦᠰᠦᠭᠯᠡᠭᠴᠢᠳ ᠡᠷᠭᠢᠵᠦ ᠰᠢᠷᠭᠤᠭᠰᠠᠭᠠᠷ ᠪᠠᠶᠢᠭᠠᠳ ᠬᠠᠳᠠ ᠴᠢᠯᠠᠭᠤ ᠡᠯᠡᠭᠳᠡᠵᠦ ᠨᠢᠭᠡᠨᠲᠡ ᠬᠠᠷᠭᠤᠢ ᠵᠠᠮ | ᠭᠠᠷᠣᠭᠰᠠᠨ ᠠᠵᠢ᠃ | ︵ᠬᠤᠩ ᠮᠠ ᠯᠢᠶᠠᠨ ᠬᠠᠩᠭᠠᠪᠠ︶ |