ᠶᠢᠨ ᠤᠯᠤᠰ ᠤᠨ ᠦᠶ᠎ᠡ ᠳᠤ᠂ ᠵᠠᠷᠤᠳ ᠬᠤᠰᠢᠭᠤᠨ ᠤ ᠲᠤᠮᠳᠠᠭᠤᠷ ᠨᠢᠭᠡᠨ ᠶᠡᠭᠡ ᠰᠢᠷᠤᠢ ᠶᠢᠨ ᠬᠡᠷᠡᠮ | ᠪᠤᠰᠬᠠᠵᠦ᠂ ᠲᠡᠭᠦᠨ ᠢ ᠪᠠᠨ《 ᠪᠤᠷᠤ ᠬᠡᠷᠡᠮ》 ᠬᠡᠮᠡᠨ ᠲᠠᠭᠤᠳᠠᠵᠦ᠂ ᠶᠢᠨ ᠤᠯᠤᠰ ᠤᠨ ᠬᠢᠯᠢ ᠶᠢᠨ ᠬᠢᠵᠠᠭᠠᠷ | ᠪᠤᠯᠭᠠᠭᠰᠠᠨ ᠭᠡᠨ᠎ᠡ᠃ ᠤᠯᠠᠮᠵᠢᠯᠠᠯᠳᠤ ᠶᠠᠷᠢᠶᠠᠨ ᠳᠤ᠂ ᠶᠢᠨ ᠤᠯᠤᠰ ᠤᠨ ᠬᠠᠭᠠᠨ ᠵᠠᠷᠯᠢᠭ ᠪᠠᠭᠤᠯᠭᠠᠵᠦ ᠵᠡᠭᠦᠨ ᠲᠠᠯᠠᠢ | ᠠᠴᠠ ᠪᠠᠷᠠᠭᠤᠨ ᠲᠠᠯᠠᠢ ᠬᠦᠷᠳᠡᠯ᠎ᠡ ᠡᠨᠡ ᠭᠡᠷᠡᠮ ᠢ ᠪᠠᠶᠢᠭᠤᠯᠵᠦ᠂ ᠡᠳᠤᠷ ᠤᠨ ᠨᠠᠷᠠᠨ ᠢ ᠲᠤᠯᠵᠦ ᠲᠠᠯᠪᠢᠭᠠᠳ ᠬᠡᠷᠡᠮ | ᠪᠠᠷᠢᠬᠤ ᠭᠦᠮᠤᠰ ᠢ ᠲᠠᠯᠠᠨ ᠴᠠᠭ ᠪᠤᠳᠠᠭ᠎ᠠ ᠢᠳᠡᠭᠦᠯᠵᠦ᠂ ᠦᠯᠪᠡᠷᠴᠤ ᠦᠬᠦᠬᠦ ᠪᠠ ᠶᠠᠳᠠᠷᠠᠵᠦ ᠦᠬᠦᠬᠦ ᠬᠦᠮᠤᠰ | ᠲᠤᠭ᠎ᠠ ᠲᠤᠮᠰᠢ ᠦᠭᠡᠢ ᠪᠤᠯᠵᠦ ᠭᠡᠨ᠎ᠡ᠃ ᠲᠡᠭᠡᠭᠡᠳ ᠬᠦᠮᠤᠨ ᠦᠭᠦᠪᠡᠯ ᠬᠡᠷᠡᠮ ᠳᠡᠭᠡᠨ ᠨᠡᠮᠡᠷᠢ ᠪᠤᠯᠭᠠᠨ᠎ᠠ ᠭᠡᠵᠦ | ᠲᠠᠯᠪᠢᠳᠠᠭ᠃ ᠡᠶᠢᠮᠤ ᠠᠴᠠ ᠮᠠᠯᠴᠢᠳ ᠪᠤᠷᠤ ᠬᠡᠷᠡᠮ ᠢ ᠪᠤᠯ ᠲᠦᠮᠡᠨ ᠬᠦᠮᠤᠨ ᠤ ᠭᠡᠭᠦᠷ ᠢᠶᠠᠷ ᠪᠠᠶᠢᠭᠤᠯᠤᠭᠰᠠᠨ ᠬᠡᠷᠡᠮ | ᠬᠡᠵᠦ ᠬᠡᠯᠡᠯᠴᠡᠳᠡᠭ ᠬᠡᠨ᠎ᠡ᠃ | ᠡᠨᠡ ᠪᠤᠷᠤ ᠬᠡᠷᠡᠮ ᠨᠢ ᠵᠠᠷᠤᠳ ᠬᠤᠰᠢᠭᠤᠨ ᠤ ᠤᠯᠠᠭᠠᠨᠬᠠᠳᠠ ᠠᠴᠠ ᠵᠡᠭᠦᠨᠰᠢ ᠬᠢᠩᠭᠠᠨ ᠠᠶᠢᠮᠠᠭ ᠢ | ᠵᠦᠰᠤᠵᠦ᠂ ᠪᠠᠷᠠᠭᠤᠨᠰᠢ ᠪᠠᠨ ᠵᠤᠤ ᠤᠳᠠ ᠶᠢᠨ ᠠᠷᠤ ᠬᠤᠷᠴᠢᠨ ᠢ ᠭᠡᠳᠤᠯᠵᠦ ᠪᠠᠶᠢᠳᠠᠭ᠃ ᠬᠡᠭᠦ ᠳᠡᠭᠡᠨ ᠠᠷᠪᠠᠨ | ᠭᠠᠵᠠᠷ ᠲᠤ ᠨᠢᠭᠡ ᠲᠦᠷᠪᠡᠯᠵᠢᠨ ᠬᠤᠳᠠ ᠪᠠᠶᠢᠭᠤᠯᠵᠦ ᠶᠠᠪᠤᠵᠠᠢ᠃ ᠤᠯᠠᠭᠠᠨᠬᠠᠳᠠ ᠰᠤᠮᠤ ᠪᠤᠯᠤᠨ ᠪᠠᠶᠠᠷᠳᠤᠬᠤᠰᠢᠭᠤ | ᠪᠠᠯᠭᠠᠰᠤᠨ ᠤ ᠲᠤᠮᠳᠠ ᠠᠷᠪᠠᠭᠠᠳ ᠲᠦᠷᠪᠡᠯᠵᠢᠨ ᠬᠡᠷᠡᠮ ᠪᠠᠶᠢᠳᠠᠭ ᠪᠦᠭᠡᠳ ᠶᠡᠭᠡ ᠨᠢᠭᠡ ᠲᠦᠷᠪᠡᠯᠵᠢᠨ ᠬᠡᠷᠡᠮ ᠢ ᠶᠠᠭ | ᠭᠤᠷᠪᠠᠨ ᠵᠠᠮ ᠤᠨ ᠠᠭᠤᠯᠵᠠᠭᠤᠷ ᠲᠠᠬᠢ ᠲᠡᠭᠰᠢ ᠰᠠᠶᠢᠬᠠᠨ ᠲᠠᠯ᠎ᠠ ᠶᠢᠨ ᠲᠤᠮᠳᠠ ᠪᠠᠶᠢᠭᠤᠯᠤᠭᠰᠠᠨ ᠲᠤᠯᠠ ᠮᠠᠯᠴᠢᠳ | ᠲᠡᠨᠳᠡ ᠨᠢ ᠠᠶᠢᠯ ᠪᠤᠯᠵᠦ ᠰᠠᠭᠤᠪᠠ᠃ ᠲᠡᠭᠡᠭᠡᠳ ᠡᠨᠡ ᠠᠶᠢᠯ ᠤᠨ ᠤᠯᠤᠰ ᠪᠤᠷᠤ ᠬᠡᠷᠡᠮ ᠤᠨ ᠲᠦᠷᠪᠡᠯᠵᠢᠨ ᠬᠤᠳᠠᠨ | ᠳᠤ ᠰᠠᠭᠤᠭᠰᠠᠨ ᠢᠶᠠᠷ《 ᠲᠦᠷᠪᠡᠯᠵᠢ ᠠᠶᠢᠯ》 ᠬᠡᠵᠦ ᠨᠡᠷᠡᠶᠢᠳᠤᠭ᠍ᠰᠡᠨ ᠶᠤᠮ᠃ ᠡᠳᠤᠭᠡ ᠶᠢᠨ ᠪᠠᠶᠠᠷᠳᠤᠬᠤᠰᠢᠭᠤ | ᠶᠢᠨ ᠲᠦᠷᠪᠡᠯᠵᠢ ᠭᠠᠴᠠᠭ᠎ᠠ ᠮᠦᠨ᠃ | | ︵ᠲᠤᠩᠷᠤᠪ ᠬᠡᠯᠡᠵᠦ ᠰᠠᠮᠫᠠᠯᠨᠤᠷᠪᠤ ᠡᠮᠬᠢᠳᠭᠡᠪᠡ︶ |