ᠤᠰᠤᠨ ᠴᠤᠪᠤᠭ᠎ᠠ
ᠨᠡᠶᠢᠲᠡᠯᠡᠭᠰᠡᠨ ᠴᠠᠭ᠄
2023/4/28
      ᠡᠷᠳᠡ ᠤᠷᠢᠳᠤ ᠴᠠᠭ ᠲᠤ᠂ ᠵᠠᠷᠤᠳ ᠤᠨ ᠬᠤᠶᠢᠳᠤ ᠪᠡᠶ᠎ᠡ ᠳᠤ ᠨᠢᠭᠡᠨ ᠰᠢᠭᠤᠷᠭᠠᠨ ᠭᠡᠳᠡᠭ ᠠᠭᠤᠯᠠᠨ ᠸᠠᠩ ᠪᠠᠶᠢᠭᠰᠠᠨ ᠭᠡᠨ᠎ᠡ᠃ ᠡᠨᠡ ᠰᠢᠭᠤᠷᠭᠠᠨ ᠭᠡᠳᠡᠭ ᠸᠠᠩ ᠶᠡᠭᠡ ᠠᠭᠤᠯᠠ ᠦᠨᠳᠤᠷ ᠤᠷᠬᠢᠯ ᠢ ᠡᠵᠡᠯᠡᠨ ᠰᠠᠭᠤᠭᠠᠳ᠂ ᠡᠳᠡᠭᠡᠷ ᠠᠭᠤᠯᠠ ᠬᠠᠪᠴᠢᠯ᠂ ᠲᠠᠯ᠎ᠠ ᠶᠢᠨ ᠵᠠᠮ ᠢᠶᠠᠷ ᠦᠩᠭᠡᠷᠡᠬᠦ ᠠᠶᠠᠨᠴᠢᠳ ᠢ ᠲᠤᠨᠤᠵᠦ ᠠᠮᠢᠳᠤᠷᠠᠵᠦ ᠪᠠᠶᠢᠵᠠᠢ᠃ ᠲᠡᠷᠡ ᠠᠪᠤ ᠠᠭᠤᠯᠠᠨ ᠳᠤ ᠰᠠᠭᠤᠵᠦ᠂ ᠠᠩ ᠬᠦᠷᠤᠭᠡ ᠬᠢᠵᠦ ᠠᠮᠢᠳᠤᠷᠠᠬᠤ ᠳᠠᠭᠠᠨ ᠦᠬᠡᠷ ᠤᠨ ᠠᠷᠠᠰᠤ ᠶᠢ ᠪᠢᠳᠡᠭᠦᠤ  ᠪᠠᠷ ᠦᠪᠴᠢᠵᠦ ᠠᠪᠤᠭᠠᠳ ᠤᠰᠤ ᠵᠦᠭᠡᠭᠡᠳᠡᠭ᠃ ᠤᠳᠠᠭᠠᠨ ᠡᠳᠤᠷ ᠵᠤᠵᠠᠭᠠᠨ ᠬᠤᠨᠤᠭ ᠵᠦᠭᠡᠭᠡᠳ ᠢᠷᠡᠬᠦ ᠳᠤ ᠡᠨᠡ ᠶᠠᠪᠤᠭᠰᠠᠨ ᠭᠠᠵᠠᠷ ᠲᠤᠨᠢ ᠨᠠᠷᠢᠨ ᠴᠤᠪᠤᠭ᠎ᠠ ᠭᠠᠷᠤᠭᠠᠳ ᠠᠷᠪᠠᠨ ᠭᠠᠵᠠᠷ ᠤᠨ ᠦᠵᠦᠭᠦᠷ ᠠᠴᠠ ᠦᠵᠡᠪᠡᠯ ᠶᠠᠭ ᠯᠡ ᠮᠤᠭᠠᠢ ᠬᠦᠷᠪᠡᠯᠵᠡᠵᠦ ᠪᠠᠶᠢᠬᠤ ᠮᠡᠳᠤ ᠬᠠᠷᠠᠭᠳᠠᠳᠠᠭ ᠪᠠᠶᠢᠨ᠎ᠠ᠃ ᠡᠳᠤᠭᠡ ᠵᠠᠷᠤᠳ ᠬᠤᠰᠢᠭᠤᠨ ᠤ ᠠᠷᠤ ᠬᠦᠨᠳᠡᠯᠡᠨ ᠦᠷ᠎ᠡ ᠮᠠᠯ ᠤᠨ ᠲᠠᠯᠠᠪᠠᠢ ᠶᠢᠨ ᠠᠷᠤ ᠳᠤ᠂ ᠬᠤᠤᠯᠢᠨ ᠭᠤᠤᠯ ᠰᠤᠮᠤ ᠶᠢᠨ ᠵᠡᠭᠦᠨ ᠪᠡᠶ᠎ᠡ ᠳᠤ ᠪᠠᠶᠢᠳᠠᠭ ᠨᠠᠷᠢᠨ ᠴᠤᠪᠤᠭ᠎ᠠ ᠵᠠᠮ ᠢ ᠪᠤᠯ ᠤᠰᠤ ᠵᠦᠭᠡᠭᠡᠭᠰᠡᠨ ᠴᠤᠪᠤᠭ᠎ᠠ ᠭᠡᠵᠦ ᠡᠪᠤᠭᠡᠴᠤᠳ ᠬᠡᠯᠡᠳᠡᠭ ᠶᠤᠮ᠃                      ︵ᠲᠤᠤᠭᠠᠷᠵᠠᠪ ᠬᠡᠯᠡᠵᠦ᠂ ᠪᠤᠶᠠᠨᠮᠦ᠋ᠩᠭᠡ ᠡᠮᠭᠢᠳᠭᠡᠪᠡ︶
 
ᠢᠷᠡᠯᠲᠡ᠄ ᠵᠠᠷᠤᠳ ᠤᠨ ᠲᠤᠮᠤᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号