ᠡᠷᠯᠢᠭ ᠤᠨ ᠡᠭᠦᠳᠡ ᠶᠢᠨ ᠰᠢᠷᠭᠤᠭᠤᠯ
ᠨᠡᠶᠢᠲᠡᠯᠡᠭᠰᠡᠨ ᠴᠠᠭ᠄
2023/5/6
   ᠸᠴᠢᠷ ᠲᠠᠮᠤ ᠶᠢᠨ ᠰᠢᠷᠭᠤᠭᠤᠯ ᠠᠴᠠ ᠪᠠᠷᠠᠭᠤᠨ ᠬᠤᠶᠢᠰᠢ 60 ᠰᠢᠬᠠᠮ ᠮᠧᠲᠷ ᠶᠠᠪᠣᠪᠠᠯ ᠠᠭᠤᠯᠠᠨ ᠤ ᠠᠷᠤ ᠲᠣᠬᠤ ᠶᠢᠨ ᠭᠦᠨ ᠬᠠᠪᠴᠢᠯ ᠳᠤ ᠨᠢᠭᠡᠨ ᠴᠠᠪᠴᠢᠮ᠎ᠠ ᠬᠠᠳᠠ ᠰᠠᠳᠠ ᠣᠴᠢᠵᠤ᠂ ᠰᠡᠯᠡᠮ᠎ᠡ ᠵᠢᠳᠠ ᠰᠢᠭ᠋ ᠬᠤᠶᠠᠷ ᠱᠤᠷᠣᠩ ᠪᠣᠯᠵᠤ ᠰᠡᠭᠦᠶᠢᠭᠡᠳ ᠦᠵᠡᠭᠰᠡᠨ ᠬᠦᠮᠦᠨ ᠢ ᠭᠠᠶᠢᠬᠠᠯ ᠲᠦᠷᠦᠭᠦᠯᠵᠦ᠂ ᠦᠯᠢᠢᠭᠰᠡᠨ ᠬᠦᠮᠦᠨ ᠤ ᠮᠠᠯᠠᠭᠠᠢ ᠶᠢ ᠨᠢ ᠣᠨᠠᠭᠠᠳᠠᠭ᠃ ᠲᠡᠭᠦᠨ ᠢ ︽ᠡᠷᠯᠢᠭ ᠤᠨ ᠡᠭᠦᠳᠡ ᠶᠢᠨ ᠰᠢᠷᠭᠤᠭᠤᠯ︾ ᠭᠡᠬᠦ ᠪᠤᠶᠤ ︽ᠡᠷᠯᠢᠭ ᠤᠨ ᠬᠠᠷ᠎ᠠ ᠴᠠᠭᠠᠨ ᠵᠠᠮ︾ ᠭᠡᠳᠡᠭ᠃ ᠭᠡᠰᠡᠷ ᠪᠤᠭᠲᠠ ᠬᠢᠯᠪᠠᠩ ᠰᠢᠷ᠎ᠠ ᠶᠢ ᠸᠴᠢᠷ ᠲᠠᠮᠤ ᠪᠠᠷ ᠲᠡᠮᠦᠯᠡᠵᠦ᠂ ᠣᠷᠴᠢᠯᠠᠩ ᠶᠢᠷᠲᠢᠨᠴᠦ ᠶᠢᠨ ᠠᠷᠭ᠎ᠠ ᠪᠢᠯᠢᠭ ᠤᠨ ᠶᠣᠰᠤ ᠳᠥᠷᠢᠮ ᠠᠴᠠ ᠵᠦᠷᠢᠴᠡᠭᠰᠡᠨ ᠶᠠᠯ᠎ᠠ ᠨᠢᠭᠦᠯ ᠢ ᠨᠢ ᠵᠠᠯᠬᠠᠭᠠᠭᠰᠠᠨ ᠠᠴᠠ ᠰᠡᠭᠦᠯᠡᠷ᠂ ᠡᠷᠯᠢᠭ ᠤᠨ ᠡᠵᠡᠨ ᠢ ᠳᠠᠭᠤᠳᠠᠵᠤ ᠡᠨᠡ ᠭᠠᠵᠠᠷ ᠲᠤ ᠡᠭᠦᠳᠡ ᠨᠡᠬᠡᠬᠡᠯᠭᠡᠵᠦ᠂ ᠬᠢᠯᠪᠠᠩ ᠰᠢᠷ᠎ᠠ ᠶᠢ ᠡᠨᠡ ᠡᠭᠦᠳᠡ ᠪᠠᠷ ᠣᠷᠣᠭᠤᠯᠵᠤ ᠶᠠᠯ᠎ᠠ ᠨᠢᠭᠦᠯ ᠬᠢᠭᠰᠡᠨ ᠲᠦᠮᠡᠨ ᠴᠢᠳᠭᠦᠷ ᠢ ᠰᠢᠢᠳᠭᠡᠵᠦ ᠪᠠᠶᠢᠬᠤ ᠶᠢ ᠦᠵᠡᠭᠦᠯᠦᠭᠡᠳ᠂ ᠪᠤᠷᠣ ᠲᠣᠭᠤᠰᠤᠨ ᠤ ᠬᠡᠨ ᠬᠦᠮᠦᠨ ᠶᠠᠯ᠎ᠠ ᠨᠢᠭᠦᠯ ᠦᠢᠯᠡᠳᠪᠡᠯ ᠡᠨᠡ ᠡᠭᠦᠳᠡ ᠪᠠᠷ ᠳᠣᠲᠣᠭᠰᠢ ᠣᠷᠣᠭᠤᠯᠵᠤ ᠪᠤᠭ ᠴᠢᠳᠭᠦᠷ ᠰᠢᠭ ᠳᠠᠷᠣᠩᠭᠤᠶᠢᠯᠠ ᠭᠡᠵᠦ ᠵᠠᠷᠯᠢᠭ ᠪᠣᠯᠣᠭᠰᠠᠨ ᠪᠦᠭᠡᠳ ᠬᠠᠷ᠎ᠠ ᠲᠡᠷᠢᠭᠦᠲᠡᠨ ᠶᠠᠯ᠎ᠠ ᠨᠢᠭᠦᠯ ᠬᠢᠭᠰᠡᠨ ᠪᠣᠯ ᠡᠷᠯᠢᠭ ᠤᠨ ᠬᠠᠷ᠎ᠠ ᠡᠭᠦᠳᠡ ︵ᠪᠣᠰᠤᠭ᠎ᠠ ᠬᠤᠶᠠᠷ ᠬᠠᠳᠠ ᠶᠢᠨ ᠪᠠᠷᠠᠭᠤᠨ ᠭᠠᠷ ᠲᠠᠯ᠎ᠠ ᠶᠢᠨ ᠬᠠᠲᠠ ᠶᠢ ᠡᠷᠯᠢᠭ ᠤᠨ ᠬᠠᠷ᠎ᠠ ᠵᠠᠮ ᠪᠣᠶᠤ ᠬᠠᠷ᠎ᠠ ᠡᠭᠦᠳᠡᠨ ᠭᠡᠳᠡᠭ︶ ᠪᠠᠷ ᠰᠢᠷᠭᠤᠭᠤᠯᠵᠤ᠂ ᠨᠢᠭᠦᠯ ᠳᠡᠭᠡᠨ ᠬᠡᠮᠰᠢᠨ ᠰᠡᠳᠭᠢᠯ ᠪᠤᠳᠣᠯ ᠢᠶᠠᠨ ᠵᠠᠰᠠᠵᠤ᠂ ᠳᠠᠬᠢᠵᠤ ᠨᠢᠭᠦᠯ ᠬᠢᠬᠦ ᠦᠭᠡᠢ ᠪᠣᠯ ᠢᠷᠡᠬᠦ ᠲᠥᠷᠦᠯ ᠳᠤᠨᠢ ᠰᠠᠶᠢᠨ ᠬᠡᠪᠡᠯᠢ ᠳᠤ ᠵᠠᠶᠠᠭᠠᠯᠭᠠᠨ᠎ᠠ᠃ ᠨᠢᠭᠦᠯ ᠬᠢᠯᠢᠨᠴᠡ ᠬᠢᠭᠰᠡᠨ ᠦᠭᠡᠢ ᠪᠠᠷ ᠡᠪᠡᠳᠴᠢᠨ ᠲᠠᠬᠤᠯ ᠳᠤ ᠳᠠᠷᠣᠯᠠᠭᠳᠠᠭᠰᠠᠳ ᠢ ᠡᠷᠯᠢᠭ ᠤᠨ ᠴᠠᠭᠠᠨ ᠵᠠᠮ ︵ᠵᠡᠭᠦᠨ ᠭᠠᠷ ᠲᠠᠯ᠎ᠠ ᠶᠢᠨ ᠪᠤᠰᠤᠭ᠎ᠠ ᠬᠠᠳᠠ ᠶᠢ ᠡᠷᠯᠢᠭ ᠤᠨ ᠴᠠᠭᠠᠨ ᠡᠭᠦᠳᠡ ᠪᠣᠶᠤ ᠴᠠᠭᠠᠨ ᠵᠠᠮ ᠭᠡᠳᠡᠭ︶ ᠢᠶᠠᠷ ᠰᠢᠷᠭᠤᠭᠤᠯᠵᠤ᠂ ᠪᠤᠳᠣᠯ ᠤᠨ ᠨᠢᠭᠦᠯ ᠰᠡᠳᠭᠢᠯ ᠤᠨ ᠬᠢᠯᠢᠨᠴᠡ ᠶᠢ ᠨᠢ ᠲᠠᠶᠠᠭᠳᠠᠭᠤᠯᠵᠤ᠂ ᠡᠪᠡᠳᠴᠢᠨ ᠡᠮᠭᠡᠭ ᠢ ᠨᠢ ᠠᠷᠢᠯᠭᠠᠵᠤ ᠡᠷᠡᠭᠦᠯ ᠰᠠᠷᠠᠭᠤᠯ ᠶᠠᠪᠣᠭᠤᠯ ᠭᠡᠵᠦ ᠵᠠᠷᠯᠢᠭ ᠪᠣᠯᠣᠭᠰᠠᠨ ᠠᠴᠠ ᠲᠡᠷᠡ ᠬᠦ ᠬᠤᠶᠠᠷ ᠪᠣᠰᠤᠭ᠎ᠠ ᠬᠠᠳᠠ ᠨᠢ ︽ᠡᠷᠯᠢᠭ ᠤᠨ ᠬᠠᠷ᠎ᠠ ᠴᠠᠭᠠᠨ ᠡᠭᠦᠳᠡ ᠶᠢᠨ ᠰᠢᠷᠭᠤᠭᠤᠯ︾ ᠪᠣᠯᠵᠤ ᠭᠡᠨ᠎ᠡ᠃ ᠬᠤᠵᠢᠮ ᠤᠨ ᠬᠦᠮᠦᠰ ᠰᠡᠳᠬᠢᠯ ᠤᠨ ᠨᠢᠭᠦᠯ ᠪᠤᠳᠣᠯ ᠤᠨ ᠪᠣᠵᠠᠷ ᠢᠶᠠᠨ ᠠᠷᠢᠯᠭᠠᠵᠤ᠂ ᠣᠷᠢᠲᠤ ᠨᠠᠰᠣᠯᠠᠵᠤ ᠤᠳᠠᠭᠠᠨ ᠵᠢᠷᠭᠠᠬᠤ ᠶᠢ ᠬᠦᠰᠡᠨ ᠡᠨᠡ ᠰᠢᠷᠭᠤᠭᠤᠯ ᠳᠤ ᠰᠢᠷᠭᠤᠳᠠᠭ ᠭᠡᠨ᠎ᠡ᠃                 ︵ ᠬᠤᠩ ᠮᠠ ᠯᠢᠶᠠᠨ ᠬᠠᠩᠭᠠᠪᠠ︶
 
ᠢᠷᠡᠯᠲᠡ᠄ ᠵᠠᠷᠤᠳ ᠤᠨ ᠲᠤᠮᠤᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号