ᠤᠭᠠᠯᠵᠠᠨ ᠭᠤᠤᠯ ︵ᠨᠢᠭᠡ︶
ᠨᠡᠶᠢᠲᠡᠯᠡᠭᠰᠡᠨ ᠴᠠᠭ᠄
2023/5/16
   ᠤᠷᠢᠳᠤ ᠳᠤ᠂ ᠵᠠᠷᠤᠳ ᠤᠨ ᠡᠮᠤᠨ᠎ᠡ ᠪᠡᠶ᠎ᠡ ᠳᠠᠬᠢ ᠦᠯᠵᠡᠶᠢᠮᠦ᠋ᠷᠡᠨ ᠭᠤᠤᠯ ᠵᠢᠯ ᠵᠢᠯ ᠶᠡᠭᠡ ᠦᠶᠡᠷ ᠪᠠᠭᠤᠳᠠᠭ ᠪᠤᠯᠬᠤᠷ ᠬᠦᠮᠤᠰ ᠠᠶᠤᠭᠠᠳ ᠠᠭᠤᠯᠠᠨ ᠤ ᠵᠢᠯᠠᠭ᠎ᠠ ᠳᠤ ᠮᠠᠯᠵᠢᠬᠤ ᠪᠤᠯᠤᠭᠰᠠᠨ ᠪᠠᠶᠢᠵᠠᠢ᠃ ᠭᠡᠪᠡᠴᠤ ᠠᠭᠤᠯᠠᠨ ᠤ ᠪᠠᠯ  ᠳᠤ ᠤᠰᠤ ᠤᠮᠳᠠ ᠤᠯᠬᠤ ᠦᠭᠡᠢ ᠲᠤᠯᠠ ᠮᠠᠯᠴᠢᠳ ᠶᠡᠭᠡ ᠯᠡ ᠰᠡᠳᠬᠢᠯ ᠵᠤᠪᠠᠵᠦ ᠪᠠᠶᠢᠭᠰᠠᠨ ᠭᠡᠨ᠎ᠡ᠃ ᠨᠢᠭᠡᠨ ᠡᠳᠤᠷ᠂ ᠨᠢᠭᠡ ᠠᠩᠴᠢᠨ ᠰᠦᠷᠤᠭ᠌ ᠤᠭᠠᠯᠵᠠ ᠲᠤᠭᠯᠠᠨ ᠭᠠᠷᠬᠤ ᠶᠢ ᠦᠵᠡᠮᠡᠭᠴᠡ ᠨᠡᠬᠡᠮᠵᠢᠯᠡᠨ ᠶᠠᠪᠤᠭᠰᠠᠭᠠᠷ ᠨᠢᠭᠡᠨ ᠦᠵᠡᠮᠵᠢ ᠰᠠᠶᠢᠳᠠᠢ ᠠᠭᠤᠯᠠᠨ ᠤ ᠬᠦᠨᠳᠡᠢ ᠳᠤ ᠤᠷᠤᠭᠠᠳ ᠤᠷᠭᠢᠯᠤᠮ᠎ᠠ ᠤᠰᠤ ᠲᠠᠢ ᠪᠤᠯᠠᠭ ᠬᠠᠷᠭᠤᠭᠰᠠᠨ ᠠᠴᠠ ᠬᠦᠮᠤᠰ ᠡᠨᠡ ᠭᠠᠵᠠᠷ ᠮᠠᠯᠵᠢᠵᠦ ᠪᠤᠯᠤᠨ᠎ᠠ ᠭᠡᠵᠡᠭᠡᠨ ᠪᠦᠷ ᠲᠡᠷᠡ ᠠᠭᠤᠯᠠᠨ ᠤ ᠪᠠᠯ ᠪᠠ ᠬᠦᠳᠤᠯ ᠢᠶᠠᠷ ᠮᠠᠯᠵᠢᠨ ᠰᠠᠭᠤᠭᠰᠠᠨ ᠭᠡᠨ᠎ᠡ᠃ ᠲᠡᠭᠦᠨ ᠠᠴᠠ ᠡᠬᠢᠯᠡᠨ ᠤᠰᠤ ᠤᠮᠳᠠ ᠲᠤᠳᠠᠬᠤ ᠦᠭᠡᠢ ᠪᠤᠯᠤᠭᠰᠠᠨ ᠪᠦᠭᠡᠳ ᠠᠳᠤᠭᠤ ᠮᠠᠯ  ᠨᠢ ᠰᠦᠷᠤᠭ᠌ ᠰᠦᠷᠤᠭ᠌ ᠢᠶᠠᠷ ᠦᠷᠡᠵᠢᠬᠦ ᠪᠤᠯᠤᠭᠰᠠᠨ ᠪᠠᠶᠢᠵᠠᠢ᠃     ᠮᠠᠯᠴᠢᠳ ᠡᠨᠡ ᠭᠠᠵᠠᠷ ᠢᠶᠠᠨ ᠲᠤᠷᠠᠰᠤᠨ ᠰᠠᠨᠠᠭᠠᠯᠵᠠᠬᠤ ᠪᠠ ᠨᠡᠷᠡᠯᠡᠨ ᠲᠠᠭᠤᠳᠠᠬᠤ ᠳᠠᠭᠠᠨ ᠤᠭᠠᠯᠵᠠ ᠲᠤᠭᠳᠠᠭᠰᠠᠨ ᠳᠤᠨᠢ《 ᠤᠭᠠᠯᠵᠠ ᠠᠭᠤᠯᠠ》 ᠭᠡᠵᠦ᠂ ᠤᠭᠠᠯᠵᠠ ᠤᠮᠳᠠᠯᠠᠭᠰᠠᠨ ᠪᠤᠯᠠᠭ ᠤᠨ ᠤᠰᠤ ᠶᠢ ᠨᠢ《 ᠤᠭᠠᠯᠵᠠᠨ ᠭᠤᠤᠯ 》 ᠭᠡᠵᠦ ᠲᠠᠭᠤᠳᠠᠭᠠᠳ᠂ ᠲᠠᠪᠤᠨ ᠬᠤᠰᠢᠭᠤ ᠮᠠᠯ ᠢᠶᠠᠨ ᠦᠨᠢᠷ ᠦᠰᠭᠡᠬᠦ ᠪᠤᠯᠤᠭᠰᠠᠨ ᠪᠠᠶᠢᠨ᠎ᠠ᠃                  ︵ᠮᠠᠯᠴᠢᠨ ᠰᠧᠭ᠌ᠪᠤᠤ ᠬᠡᠯᠡᠵᠦ ᠪᠤᠤ ᠬᠠᠰ᠂ ᠠᠯᠳᠠᠪᠤᠯᠠᠭ ᠡᠮᠬᠢᠳᠭᠡᠪᠡ︶
 
ᠢᠷᠡᠯᠲᠡ᠄ ᠵᠠᠷᠤᠳ ᠤᠨ ᠲᠤᠮᠤᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号