ᠤᠭᠠᠯᠵᠠᠨ ᠭᠤᠤᠯ ︵ᠬᠤᠶᠠᠷ︶
ᠨᠡᠶᠢᠲᠡᠯᠡᠭᠰᠡᠨ ᠴᠠᠭ᠄
2023/5/26
     ᠡᠷᠳᠡ ᠤᠷᠢᠳᠤ ᠴᠠᠭ ᠲᠤ᠂ ᠵᠠᠷᠤᠳ ᠬᠤᠰᠢᠭᠤᠨ ᠤ ᠴᠢᠪᠠᠭᠠᠳᠤ ᠰᠤᠮᠤ ᠶᠢᠨ ᠬᠠᠷᠢᠶᠠᠨ ᠳᠤ ᠪᠤᠷᠭᠢᠯᠤᠨ ᠤᠷᠭᠢᠯᠳᠠᠭ ᠨᠢᠭᠡᠨ ᠪᠤᠯᠠᠭ ᠪᠠᠶᠢᠭᠰᠠᠨ ᠭᠡᠨ᠎ᠡ᠃ ᠨᠢᠭᠡᠨ ᠵᠢᠯ ᠤᠨ ᠶᠡᠭᠡ ᠭᠠᠩ ᠬᠠᠭᠰᠠᠷᠠᠭᠠᠨ ᠳᠤ ᠤᠷᠭᠤᠭᠰᠠᠨ ᠡᠪᠡᠰᠤ ᠬᠤᠪᠠᠭ᠋ᠠᠶᠢᠷᠠᠵᠦ᠂ ᠨᠠᠬᠢᠶᠠᠯᠠᠭᠰᠠᠨ ᠨᠠᠪᠴᠢ ᠭᠤᠨᠢᠷᠠᠵᠦ᠂ ᠬᠦᠬᠡᠷᠡᠭᠰᠡᠨ ᠮᠤᠳᠤ ᠰᠢᠷᠠᠯᠠᠵᠦ᠂ ᠭᠤᠤᠯ ᠮᠦᠷᠡᠨ ᠨᠠᠭᠤᠷ ᠪᠤᠯᠠᠭ ᠴᠤ ᠰᠢᠷᠭᠢᠭᠰᠡᠨ ᠠᠴᠠ ᠬᠦᠮᠤᠰ ᠲᠡᠭᠷᠢ ᠶᠢ ᠲᠠᠭᠤᠳᠠᠨ ᠭᠠᠵᠠᠷ ᠢ ᠰᠢᠭᠠᠨ ᠭᠠᠰᠠᠯᠵᠠᠢ᠃ ᠡᠨᠡ ᠬᠢᠷᠢ᠂ ᠨᠢᠭᠡ ᠪᠦᠯᠤᠭ᠌ ᠠᠶᠠᠨ ᠵᠢᠩ ᠤᠨ ᠬᠦᠮᠤᠰ ᠤᠰᠤ ᠤᠯᠬᠤ ᠪᠠᠷ ᠤᠷᠤᠭᠤᠳᠠᠨ ᠶᠠᠪᠤᠭᠰᠠᠭᠠᠷ ᠠᠳᠡ ᠬᠦᠷᠴᠤ ᠢᠷᠡᠭᠡᠳ ᠬᠠᠰᠠᠭ ᠲᠡᠷᠭᠡᠨ ᠤ ᠲᠡᠩᠭᠡᠯᠢᠭ ᠨᠢ ᠬᠤᠭᠤᠷᠠᠭᠰᠠᠨ ᠳᠤ ᠠᠷᠭ᠎ᠠ ᠦᠭᠡᠢ ᠬᠦᠷᠢᠶ᠎ᠡ ᠪᠠᠭᠤᠵᠦ ᠠᠮᠠᠷᠠᠬᠤ ᠯᠡ ᠪᠤᠯᠵᠠᠢ᠃ ᠠᠶᠠᠨᠴᠢᠳ ᠯᠠᠪᠯᠠᠨ ᠦᠵᠡᠪᠡᠯ ᠨᠢᠭᠡᠨ ᠤᠷᠭᠢᠯᠤᠮ᠎ᠠ ᠪᠤᠯᠠᠭ ᠤᠨ ᠤᠷᠤ ᠪᠠᠶᠢᠪᠠ᠃ ᠲᠡᠳᠡ ᠪᠦᠭᠦᠳᠡᠭᠡᠷ ᠢᠶᠠᠨ  ᠄《 ᠸᠠᠱᠢ︕ ᠡᠨᠡ ᠭᠠᠵᠠᠷ ᠲᠤ ᠨᠢᠭᠡ ᠪᠤᠯᠠᠭ ᠭᠠᠷᠪᠠᠯ ᠳ᠋ᠠ︖》 ᠭᠡᠵᠦ ᠬᠦᠰᠡᠨ ᠮᠦᠷᠤᠭᠡᠳᠴᠤ ᠠᠩᠭᠠᠨ ᠬᠠᠳᠠᠵᠦ ᠪᠠᠶᠢᠬᠤ ᠪᠠᠶᠢᠳᠠᠯ ᠢᠶᠠᠨ ᠲᠤᠭᠠᠴᠢᠭᠰᠠᠨ ᠳᠤ᠂ ᠤᠯᠠᠨ ᠤ ᠠᠮᠠ ᠲᠠᠯᠠᠢ ᠶᠢ ᠶᠠᠨᠳᠠᠨ᠎ᠠ ᠭᠡᠭᠴᠢ ᠮᠤᠩᠭᠤᠯ ᠬᠦᠮᠤᠨ ᠤ ᠪᠡᠯᠭᠡ ᠪᠠᠷ ᠦᠨᠡᠭᠡᠷ ᠨᠢᠭᠡᠨ ᠪᠤᠯᠠᠭ ᠴᠤᠭᠤᠷᠠᠵᠦ᠂ ᠬᠠᠳᠠᠨ ᠤ ᠵᠠᠪᠰᠠᠷ ᠠᠴᠠ ᠤᠰᠤ ᠠᠯᠭᠤᠷ ᠤᠷᠤᠰᠤᠨ ᠭᠠᠷᠴᠤ ᠢᠷᠡᠭᠰᠡᠨ ᠭᠡᠨ᠎ᠡ᠃ ᠠᠶᠠᠨᠴᠢᠳ ᠶᠡᠭᠡ ᠯᠡ ᠪᠠᠶᠠᠷᠯᠠᠨ ᠡᠨᠡ ᠤᠰᠤ ᠶᠢ ᠶᠡᠭᠡ ᠪᠤᠯᠭᠠᠶ᠎ᠠ ᠭᠡᠳ ᠬᠤᠭᠤᠷᠠᠭᠰᠠᠨ ᠲᠡᠷᠭᠡᠨ  ᠤ ᠲᠡᠩᠬᠡᠯᠢᠭ ᠢᠶᠠᠷ ᠢᠶᠠᠨ ᠬᠦᠰᠢᠭᠰᠡᠨ ᠳᠤ ᠦᠨᠡᠭᠡᠷ ᠲᠦᠷᠭᠡᠨ ᠤᠷᠤᠰᠬᠠᠯ ᠪᠤᠯᠵᠦ ᠲᠦᠯᠬᠢᠭᠡᠳ ᠭᠠᠷᠬᠤ ᠳᠤ᠂ ᠠᠶᠠᠨᠴᠢᠳ ᠰᠠᠨᠳᠤᠷᠬᠤ ᠳᠠᠭᠠᠨ ᠲᠡᠷᠭᠡᠨ ᠲᠡᠩᠬᠡᠯᠢᠭ ᠢᠶᠠᠨ ᠰᠢᠭᠠᠵᠦ ᠤᠷᠤᠭᠤᠯᠤᠭᠠᠳ ᠪᠦᠭᠯᠡᠪᠡ᠃ ᠲᠤᠭᠰᠢᠨ ᠤᠷᠤᠰᠬᠠᠯ ᠨᠢ ᠨᠡᠮᠵᠢᠵᠦ ᠪᠠᠭ᠎ᠠ ᠭᠤᠤᠯ ᠪᠤᠯᠤᠭᠰᠠᠨ ᠢᠶᠠᠷ ᠨᠢ《ᠲᠡᠩᠬᠡᠯᠢᠭ ᠤᠨ ᠭᠤᠤᠯ》 ᠭᠡᠵᠦ ᠲᠠᠭᠤᠳᠠᠪᠠ᠃ ᠰᠡᠭᠦᠯᠡᠷ ᠨᠢ ᠨᠢᠭᠡᠨ ᠭᠠᠵᠠᠷ ᠰᠢᠨᠵᠢᠭᠡᠴᠢ ᠲᠦᠯᠭᠡᠴᠢᠨ ᠢᠷᠡᠭᠡᠳ《 ᠬᠤᠭᠤᠷᠠᠭᠰᠠᠨ ᠲᠡᠩᠬᠡᠯᠢᠭ ᠨᠢ ᠪᠡᠯᠭᠡ ᠮᠠᠭᠤ》 ᠬᠡᠮᠡᠨ ᠦᠯᠵᠡᠢ ᠪᠡᠯᠭᠡ ᠶᠢ ᠬᠦᠰᠡᠵᠦ᠂ ᠡᠨᠡ ᠭᠤᠤᠯ ᠤᠨ ᠬᠡ ᠤᠠᠭᠠᠯᠵᠠ ᠠᠳᠠᠯᠢ ᠬᠤᠸᠠᠷ ᠭᠠᠷᠴᠤ ᠮᠤᠷᠤᠯᠵᠠᠨ ᠤᠷᠤᠰᠤᠭᠰᠠᠨ ᠪᠠᠶᠢᠳᠠᠯ ᠢᠶᠠᠷ ᠨᠢ《 ᠤᠭᠠᠯᠵᠠᠨ ᠭᠤᠤᠯ 》 ᠭᠡᠵᠦ ᠨᠡᠷᠡᠯᠡᠭᠰᠡᠨ ᠭᠡᠨ᠎ᠡ᠃
 
ᠢᠷᠡᠯᠲᠡ᠄ ᠵᠠᠷᠤᠳ ᠤᠨ ᠲᠤᠮᠤᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号