ᠪᠠᠨᠴᠢᠨ ᠪᠤᠭᠲᠠ ᠶᠢᠨ ᠰᠢᠷᠡᠭᠡ
ᠨᠡᠶᠢᠲᠡᠯᠡᠭᠰᠡᠨ ᠴᠠᠭ᠄
2023/6/12
     ᠠᠯᠲᠠᠨ ᠰᠢᠷᠭᠤᠭᠤᠯ ᠤᠨ ᠳᠣᠣᠷ᠎ᠠ ᠲᠠᠯ᠎ᠠ ᠳᠤ᠂ ︽ᠬᠤᠣᠰ ᠬᠦᠮᠦᠨ ᠤ ᠵᠣᠭᠰᠣᠭᠠᠯ︾ ᠤᠨ ᠪᠠᠷᠠᠭᠤᠨ ᠳᠡᠭᠡᠲᠦ ᠬᠢᠷ᠎ᠠ ᠳᠤ ᠨᠢᠭᠡᠨ ᠲᠣᠯᠢ ᠰᠢᠭ᠋ ᠲᠡᠭᠰᠢᠬᠡᠨ ᠤᠷᠲᠤ ᠳᠦᠷᠪᠡᠯᠵᠢᠨ ᠰᠢᠷᠡᠭᠡ ᠬᠡᠯᠪᠡᠷᠢᠲᠦ ᠪᠢᠯᠢᠭᠲᠡᠢ ᠬᠠᠲᠠ ᠪᠣᠢ ᠃ ᠲᠡᠭᠦᠨ ᠢ ︽ᠪᠠᠨᠴᠢᠨ ᠪᠤᠭᠲᠠ ᠶᠢᠨ ᠰᠢᠷᠡᠭᠡ︾ ᠭᠡᠳᠡᠭ᠃ ᠳᠣᠯᠣᠳᠣᠭᠠᠷ ᠳᠥᠷᠢ ᠶᠢᠨ ᠪᠠᠨᠴᠢᠨ ᠪᠤᠭᠲᠠ ᠵᠡᠭᠦᠨᠰᠢ ᠵᠢᠭᠤᠯᠴᠢᠯᠠᠨ ᠨᠣᠮ ᠣᠯᠠᠮᠵᠢᠯᠠᠬᠤ ᠪᠠᠷ ᠡᠨᠡ ᠬᠦ ᠪᠡᠯᠭᠡ ᠪᠢᠯᠢᠭ ᠤᠨ ᠰᠢᠳᠢᠲᠦ ᠠᠭᠤᠯᠠ ᠶᠢᠨ ᠡᠮᠦᠨ᠎ᠡ ᠡᠩᠭᠡᠷ ᠢᠶᠠᠷ ᠦᠩᠭᠡᠷᠡᠵᠦ ᠭᠠᠷᠬᠤ ᠳᠠᠭᠠᠨ ᠠᠭᠤᠯᠠᠨ ᠤ ᠨᠠᠪᠳᠠᠭ ᠰᠠᠪᠳᠠᠭ ᠪᠠ ᠰᠦᠷ ᠭᠡᠷᠡᠯ ᠢ ᠦᠵᠡᠵᠦ ᠭᠠᠷᠣᠭᠠᠳ᠂ ᠣᠨᠴᠠᠭᠠᠶᠢᠯᠠᠨ ᠭᠡᠰᠡᠷ ᠪᠤᠭᠲᠠ᠂ ᠥᠬᠢᠨ ᠲᠡᠭᠷᠢ ᠶᠢᠨ ᠪᠠᠯᠠᠷᠠᠰᠢ ᠦᠭᠡᠢ ᠭᠠᠪᠢᠶ᠎ᠠ ᠵᠢᠳᠭᠦᠯ ᠢ ᠪᠢᠰᠢᠷᠡᠵᠦ᠂ ᠡᠨᠡ ᠠᠭᠤᠯᠠᠨ᠎ᠠ ᠬᠡᠳᠦᠨ ᠰᠠᠷ᠎ᠠ ᠬᠤᠷᠭᠤᠳᠠᠵᠤ᠂ ᠨᠣᠮ ᠪᠢᠰᠢᠯᠭᠠᠯ ᠦᠢᠯᠡᠳᠦᠨ ᠨᠠᠪᠳᠠᠭ ᠰᠠᠪᠳᠠᠭ ᠢ ᠳᠠᠬᠢᠵᠤ᠂ ᠡᠨᠡ ᠬᠦ ᠬᠠᠳᠠᠨ᠎ᠠ ᠰᠢᠷᠡᠭᠡ ᠵᠠᠯᠠᠷᠠᠵᠤ᠂ ᠨᠣᠨ ᠠᠷᠪᠠᠨ ᠬᠤᠰᠢᠭᠤᠨ ᠤ ᠰᠦᠰᠦᠭ ᠪᠢᠰᠢᠷᠠᠯᠳᠠᠨ ᠢ ᠡᠨᠡ ᠠᠭᠤᠯᠠᠨ᠎ᠠ ᠴᠣᠭᠯᠠᠭᠤᠯᠵᠤ᠂ ᠳᠥᠴᠢ ᠶᠢᠰᠤᠨ ᠬᠤᠨᠤᠭ ᠤᠨ ᠨᠣᠮ ᠲᠠᠯᠪᠢᠵᠤ ᠪᠤᠶᠠᠨ ᠦᠢᠯᠡᠳᠦᠭᠰᠡᠨ ᠠᠴᠠ ᠠᠭᠤᠯᠠᠨ ᠤ ᠰᠦᠭ ᠰᠦᠯᠳᠠ ᠣᠯᠠᠮ ᠪᠠᠳᠠᠷᠠᠵᠤ᠂ ᠠᠷᠪᠠᠨ ᠬᠤᠰᠢᠭᠤᠨ ᠤ ᠠᠷᠠᠳ ᠢᠷᠭᠡᠳ ᠤᠨ ᠭᠠᠢ ᠪᠠᠷᠴᠢᠳ ᠢ ᠠᠷᠢᠯᠭᠠᠭᠰᠠᠨ ᠲᠤᠯᠠ ᠡᠨᠡ ᠬᠦ ᠬᠠᠳᠠᠨ ᠰᠢᠷᠡᠭᠡ ᠨᠢ ︽ᠪᠠᠨᠴᠢᠨ ᠪᠤᠭᠲᠠ ᠶᠢᠨ ᠰᠢᠷᠡᠭᠡ︾ ᠬᠡᠮᠡᠨ ᠨᠡᠷᠡᠯᠡᠭᠳᠡᠵᠦ᠂ ᠬᠤᠵᠢᠮ ᠤᠨ ᠬᠦᠮᠦᠰ ᠠᠯᠲᠠᠨ ᠰᠢᠷᠭᠤᠭᠤᠯ ᠳᠤ ᠰᠢᠷᠭᠤᠬᠤ ᠪᠠᠷ ᠢᠷᠡᠬᠦ ᠳᠡᠭᠡᠨ ᠵᠠᠪᠠᠯ ᠡᠨᠡ ᠰᠢᠷᠡᠭᠡᠨ᠎ᠡ ᠪᠠᠯᠢᠩ ᠳᠠᠬᠢᠯ ᠲᠠᠯᠪᠢᠵᠤ ᠰᠦᠭᠦᠳᠦᠨ ᠮᠦᠷᠭᠦᠵᠦ ᠠᠮᠤᠷ ᠲᠦᠪᠰᠢᠨ ᠢᠶᠠᠨ ᠳᠠᠭᠠᠳᠬᠠᠵᠤ᠂ ᠭᠠᠢ ᠪᠠᠷᠴᠢᠳ ᠢᠶᠠᠨ ᠠᠷᠢᠯᠭᠠᠳᠠᠭ ᠠᠵᠠᠢ᠃                  ︵ᠬᠤᠩ ᠮᠠ ᠯᠢᠶᠠᠨ ᠬᠠᠩᠭᠠᠪᠠ︶
 
ᠢᠷᠡᠯᠲᠡ᠄ ᠵᠠᠷᠤᠳ ᠤᠨ ᠲᠤᠮᠤᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号