ᠷᠠᠰᠢᠶᠠᠨ ᠠᠭᠤᠶᠢᠳᠤ
ᠨᠡᠶᠢᠲᠡᠯᠡᠭᠰᠡᠨ ᠴᠠᠭ᠄
2023/6/25
       ᠡᠷᠳᠡ ᠨᠢᠭᠡᠨ ᠴᠠᠭ ᠲᠤ᠂ ᠵᠠᠷᠤᠳ ᠦᠵᠤᠮᠤᠴᠢᠨ ᠳᠤ ᠶᠡᠭᠡ ᠯᠡ ᠬᠠᠩ ᠬᠠᠭᠰᠠᠷᠠᠭᠠᠨ ᠪᠤᠯᠵᠦ᠂ ᠮᠠᠯᠴᠢᠳ  ᠲᠤ ᠲᠤᠶᠢᠯ ᠤᠨ ᠶᠡᠭᠡ ᠭᠠᠢ ᠭᠠᠴᠢᠭ ᠪᠤᠯᠤᠭᠰᠠᠨ ᠭᠡᠨ᠎ᠡ᠃ ᠭᠠᠭᠴᠠ ᠬᠦ ᠴᠢᠪᠠᠭᠠᠳᠤ ᠶᠢᠨ ᠬᠠᠨ ᠠᠭᠤᠯᠠᠨ ᠳᠤ ᠮᠤᠳᠤ ᠰᠢᠭᠤᠢ ᠨᠤᠭᠤᠭᠠᠷᠠᠭᠠᠳ ᠬᠦᠮᠡᠯᠢ ᠲᠠᠭᠠᠨ᠎ᠠ ᠬᠦᠭᠡᠷᠡᠭᠡᠳ ᠰᠠᠷᠠᠯᠠᠩ ᠬᠤᠸᠠᠷ ᠲᠡᠯᠭᠡᠷᠡᠨ ᠦᠵᠡᠮᠵᠢ ᠰᠠᠶᠢᠬᠠᠨ ᠪᠠᠶᠢᠭᠰᠠᠨ ᠪᠤᠯᠬᠤᠷ ᠮᠠᠯᠴᠢᠳ ᠢᠳᠡᠭ ᠢᠳᠡᠭ ᠢᠶᠠᠷ ᠡᠨᠡ ᠠᠭᠤᠯᠠ ᠶᠢᠨ ᠬᠤᠷᠮᠤᠢ ᠶᠢ ᠲᠠᠭᠠᠵᠦ ᠠᠮᠢᠳᠤᠷᠠᠬᠤ ᠪᠤᠯᠵᠠᠢ ᠃ ᠨᠢᠭᠡᠨ ᠡᠳᠤᠷ᠂ ᠮᠠᠯᠴᠢᠳ ᠴᠢᠪᠠᠭᠠᠳᠤ ᠬᠠᠨ ᠠᠭᠤᠯᠠᠨ ᠳᠤ ᠠᠩ ᠬᠢᠵᠦ ᠪᠠᠶᠢᠭᠠᠳ ᠨᠢᠭᠡᠨ ᠶᠡᠭᠡ ᠠᠭᠤᠢ ᠪᠠᠶᠢᠬᠤ  ᠶᠢ ᠦᠵᠡᠭᠡᠳ ᠲᠤᠳᠤᠷ᠎ᠠ ᠨᠢ ᠤᠷᠤᠭᠰᠠᠨ ᠳᠤ ᠲᠤᠪ ᠲᠤᠩᠭᠠᠯᠠᠭ ᠷᠠᠰᠢᠶᠠᠨ ᠪᠤᠯᠠᠭ《ᠲᠤᠱ ᠲᠤᠱ》ᠲᠤᠰᠤᠯᠠᠵᠦ ᠪᠠᠶᠢᠪᠠ᠃ ᠲᠡᠭᠡᠭᠡᠳ ᠡᠨᠡ ᠷᠠᠰᠢᠶᠠᠨ ᠢ ᠤᠤᠭᠤᠭᠰᠠᠨ ᠮᠠᠯᠴᠢᠳ ᠤᠮᠳᠠ ᠲᠠᠷᠤᠬᠤ ᠪᠠᠷ ᠪᠠᠷᠠᠬᠤ ᠦᠭᠡᠢ ᠡᠪᠡᠳᠴᠢᠨ ᠠᠷᠬᠠᠭ ᠨᠢ ᠠᠷᠢᠯᠳᠠᠭ ᠪᠤᠯᠵᠠᠢ ᠭᠡᠨ᠎ᠡ᠃ ᠲᠡᠭᠦᠨ ᠠᠴᠠ ᠡᠬᠢᠯᠡᠭᠡᠳ ᠮᠠᠯᠴᠢᠳ ᠡᠨᠡ ᠬᠠᠨ ᠠᠭᠤᠯᠠ ᠪᠠᠨ《ᠷᠠᠰᠢᠶᠠᠨ ᠠᠭᠤᠶᠢᠳᠤ》 ᠭᠡᠵᠦ ᠨᠡᠷᠡᠯᠡᠭᠰᠡᠨ ᠪᠦᠭᠡᠳ ᠡᠪᠡᠳᠴᠢᠨ ᠲᠠᠢ ᠬᠦᠮᠤᠰ ᠡᠨᠡ ᠠᠭᠤᠢ ᠶᠢᠨ ᠷᠠᠰᠢᠶᠠᠨ ᠢᠶᠠᠷ ᠡᠪᠡᠳᠴᠢᠨ ᠵᠠᠰᠠᠬᠤ ᠪᠤᠯᠤᠭᠰᠠᠨ ᠪᠠᠶᠢᠨ᠎ᠠ᠃                   ︵ᠮᠠᠯᠴᠢᠨ ᠰᠧᠭ᠌ᠪᠤᠤ ᠬᠡᠯᠡᠵᠦ᠂ ᠪᠤᠤ ᠬᠠᠰ᠂ ᠠᠯᠳᠠᠨᠪᠤᠯᠠᠭ ᠡᠮᠬᠢᠳᠭᠡᠪᠡ︶
 
ᠢᠷᠡᠯᠲᠡ᠄ ᠵᠠᠷᠤᠳ ᠤᠨ ᠲᠤᠮᠤᠭ ᠠᠴᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号