ᠵᠠᠷᠤᠳ ᠬᠤᠰᠢᠭᠤᠨ ᠤ ᠦᠯᠵᠡᠶᠢᠮᠦ᠋ᠷᠡᠨ ᠰᠤᠮᠤ ᠶᠢᠨ ᠡᠮᠤᠨᠡᠭᠦᠷ ᠠᠰ ᠪᠠᠷᠠᠭᠤᠨᠰᠢ ᠰᠤᠨᠤᠯᠵᠠᠨ | ᠦᠷᠭᠦᠯᠵᠢᠯᠡᠭᠰᠡᠨ ᠨᠢᠭᠡᠨ ᠮᠠᠩᠬ᠎ᠠ ᠪᠠᠶᠢᠳᠠᠭ᠃ ᠬᠦᠮᠤᠰ ᠡᠨᠡ ᠮᠠᠩᠬ᠎ᠠ ᠶᠢ ᠠᠯᠳᠠ ᠶᠢᠨ ᠮᠠᠩᠬ᠎ᠠ ᠭᠡᠵᠦ ᠨᠡᠷᠡᠯᠡᠳᠡᠭ᠃ | ᠡᠨᠡ ᠬᠦ ᠠᠯᠳᠠ ᠶᠢᠨ ᠮᠠᠩᠬ᠎ᠠ ᠳᠤ ᠬᠠᠴᠢᠨ ᠰᠤᠨᠢᠷᠬᠠᠯᠳᠠᠢ ᠲᠤᠮᠤᠭ ᠦᠯᠢᠭᠡᠷ ᠪᠠᠶᠢᠳᠠᠭ᠃ | ᠡᠷᠳᠡ ᠤᠷᠢᠳᠤ ᠴᠠᠭ ᠲᠤ᠂ ᠪᠤᠭᠳᠠ ᠪᠠᠭᠠᠳᠤᠷ ᠭᠡᠰᠡᠷ ᠬᠠᠭᠠᠨ ᠨᠢᠭᠡᠨ ᠤᠳᠠᠭᠠᠨ ᠤ ᠲᠠᠶᠢᠨ ᠲᠤᠯᠤᠯᠳᠤᠭᠠᠨ | ᠳᠤ ᠲᠠᠶᠢᠰᠤᠨ ᠤ ᠴᠡᠷᠢᠭ ᠲᠤ ᠬᠠᠭᠠᠭᠳᠠᠨ ᠬᠠᠮᠤᠭ ᠤᠯᠠᠨ ᠰᠠᠶᠢᠳ ᠲᠦᠰᠢᠮᠡᠳ ᠠᠴᠠ ᠪᠠᠨ ᠰᠠᠯᠵᠦ᠂ ᠭᠠᠭᠴᠠ | ᠮᠤᠷᠢ ᠭᠤᠵᠤᠩ ᠪᠡᠶ᠎ᠡ ᠪᠠᠷ ᠪᠠᠶᠢᠯᠳᠤᠭᠠᠨ ᠤ ᠲᠤᠮᠳᠠ ᠠᠴᠠ ᠰᠢᠪᠳᠤᠯᠤᠨ ᠭᠠᠷᠴᠤ᠂ ᠮᠤᠷᠢᠨ ᠤ ᠲᠤᠭᠰᠢᠨ ᠭᠦᠶᠤᠳᠡᠯ | ᠢᠶᠠᠷ ᠵᠠᠷᠤᠳ ᠬᠤᠰᠢᠭᠤᠨ ᠤ ᠦᠯᠵᠡᠶᠢᠮᠦ᠋ᠷᠡᠨ ᠠᠴᠠ ᠠᠷᠤ ᠬᠤᠷᠴᠢᠨ ᠬᠤᠰᠢᠭᠤᠨ ᠤ ᠲᠤᠤᠳᠠᠨ ᠬᠦᠷᠳᠡᠯ᠎ᠡ | ᠲᠤᠪᠳᠤᠯᠵᠦ᠂ ᠵᠢᠯᠤᠭᠤ ᠲᠠᠳᠠᠨ ᠠᠷᠤᠨᠰᠢ ᠪᠠᠷᠠᠯᠠᠵᠦ ᠦᠵᠡᠭᠰᠡᠨ ᠴᠢᠨᠢ ᠠᠳᠠᠭᠠᠳᠠᠨ ᠤ ᠴᠡᠷᠢᠭ ᠪᠠᠰᠠ ᠨᠡᠬᠡᠮᠵᠢᠯᠡᠨ | ᠢᠷᠡᠬᠦ ᠲᠤᠯᠠ᠂ ᠠᠷᠭ᠎ᠠ ᠦᠭᠡᠢ ᠬᠦᠯᠤᠭ᠌ ᠢᠶᠠᠨ ᠲᠠᠪᠬᠢᠭᠤᠯᠤᠨ ᠪᠠᠷᠠᠭᠤᠨᠰᠢ ᠲᠤᠳᠠᠭᠠᠨ ᠶᠠᠪᠤᠬᠤ ᠳᠤ ᠬᠦᠯᠤᠭ᠌ ᠮᠤᠷᠢ | ᠨᠢ ᠮᠠᠭᠤᠳᠠᠵᠦ᠂ ᠭᠤᠷᠪᠠᠨ ᠬᠦᠯ ᠢᠶᠠᠷ ᠬᠠᠷᠠᠶᠢᠯᠭᠠᠨ ᠶᠠᠪᠤᠯ᠎ᠠ᠃ ᠭᠡᠰᠡᠷ ᠬᠠᠭᠠᠨ ᠭᠤᠷᠪᠠᠨ ᠡᠳᠤᠷ ᠭᠤᠷᠪᠠᠨ ᠰᠦᠨᠢ | ᠬᠤᠭᠤᠯᠠ ᠦᠭᠡᠢ ᠲᠤᠳᠠᠭᠠᠵᠦ ᠶᠠᠪᠤᠭᠠᠳ ᠰᠠᠶ᠋ᠢ ᠡᠷᠳᠡᠮᠳᠡᠨ ᠤᠯᠠᠨ ᠰᠠᠶᠢᠳ ᠲᠦᠰᠢᠮᠡᠳ ᠲᠠᠢ ᠪᠠᠨ ᠵᠤᠯᠭᠠᠵᠦ ᠭᠡᠨ᠎ᠡ | ᠃ | ᠭᠡᠰᠡᠷ ᠪᠤᠭᠳᠠ ᠲᠠᠶᠢᠨ ᠤ ᠲᠠᠯᠠᠪᠤᠷ ᠠᠴᠠ ᠲᠤᠪᠳᠤᠯᠤᠨ ᠭᠠᠷᠤᠭᠰᠠᠨ ᠠᠴᠠ ᠬᠦᠯᠤᠭ᠌ ᠤᠨ ᠲᠦᠷᠪᠡᠨ | ᠲᠤᠭᠤᠷᠠᠢ ᠶᠢᠨ ᠲᠤᠭᠤᠰᠤ ᠨᠢ ᠦᠷᠭᠡᠨ ᠰᠠᠶᠢᠬᠠᠨ ᠰᠠᠶᠢᠳ ᠤᠨ ᠲᠠᠯ᠎ᠠ ᠶᠢᠨ ᠲᠤᠮᠳᠠ ᠮᠠᠩᠬ᠎ᠠ ᠪᠤᠯᠤᠨ ᠬᠤᠪᠢᠷᠠᠭᠰᠠᠨ | ᠢ ᠬᠠᠮᠤᠭ ᠤᠯᠠᠨ ᠰᠠᠶᠢᠳ ᠲᠦᠰᠢᠮᠡᠳ ᠨᠢ ᠦᠵᠡᠭᠡᠳ《ᠠᠯᠳᠠ ᠶᠢᠨ ᠮᠠᠩᠬ᠎ᠠ》ᠬᠡᠵᠦ ᠴᠤᠯᠠ ᠬᠠᠶᠢᠷᠠᠯᠠᠭᠰᠠᠨ | ᠪᠦᠭᠡᠳ ᠭᠡᠰᠡᠷ ᠪᠤᠭᠳᠠ ᠶᠢᠨ ᠮᠤᠷᠢ ᠶᠢᠨ ᠵᠢᠯᠤᠭᠤ ᠲᠠᠳᠠᠭᠰᠠᠨ ᠭᠠᠵᠠᠷ ᠢ ᠨᠢ《ᠲᠠᠳᠠᠭᠤᠷ ᠤᠨ ᠮᠠᠩᠬ᠎ᠠ》ᠭᠡᠵᠦ ︵ | ᠡᠨᠡ ᠮᠠᠩᠬ᠎ᠠ ᠨᠢ ᠤᠳᠤ ᠠᠷᠤ ᠬᠤᠷᠴᠢᠨ ᠬᠤᠰᠢᠭᠤᠨ ᠤ ᠲᠤᠤᠳᠠᠨ ᠰᠤᠮᠤ ᠳᠤ ᠪᠤᠢ︶᠂ ᠲᠠᠳᠠᠭᠤᠷ ᠤᠨ ᠮᠠᠩᠬ᠎ᠠ | ᠠᠴᠠ ᠪᠠᠷᠠᠭᠤᠨᠰᠢ ᠭᠡᠰᠡᠷ ᠪᠤᠭᠳᠠ ᠶᠢᠨ ᠮᠤᠷᠢ ᠨᠢ ᠭᠤᠷᠪᠠᠨ ᠬᠦᠯ ᠢᠶᠠᠷ ᠬᠠᠷᠠᠶᠢᠯᠭᠠᠨ ᠶᠠᠪᠤᠭᠰᠠᠨ ᠭᠠᠵᠠᠷ | ᠢ《ᠲᠠᠮᠠᠭᠠᠨ ᠤ ᠮᠠᠩᠬ᠎ᠠ》ᠭᠡᠵᠦ ᠨᠡᠷᠡᠯᠡᠭᠰᠡᠨ ᠭᠡᠨ᠎ᠡ ︵ᠡᠨᠡ ᠮᠠᠩᠬ᠎ᠠ ᠨᠢ ᠠᠷᠤ ᠬᠤᠷᠴᠢᠨ ᠪᠤᠯᠤᠨ ᠤᠩᠨᠢᠭᠤᠳ | ᠬᠤᠰᠢᠭᠤ ᠪᠠᠷ ᠦᠷᠬᠦᠯᠵᠢᠯᠡᠭᠰᠡᠨ ᠮᠠᠩᠬ᠎ᠠ ᠶᠢ ᠬᠡᠯᠡᠵᠦ ᠪᠤᠢ︶᠃ | |