《 ᠡᠷᠯᠢᠭ ᠤᠨ ᠬᠠᠷ᠎ᠠ ᠴᠠᠭᠠᠨ ᠡᠭᠦᠳᠡ ᠶᠢᠨ ᠰᠢᠷᠭᠤᠭᠤᠯ 》 ᠠᠴᠠ ᠵᠡᠭᠦᠨ ᠬᠤᠶᠢᠰᠢ ᠪᠠᠷᠤᠭ 70 ᠮᠧᠲᠷ | ᠶᠠᠪᠤᠪᠠᠯ ᠠᠭᠤᠯᠠᠨ ᠤ ᠠᠷᠤ ᠲᠤᠬᠤᠨ ᠤ ᠲᠦᠨᠳᠤᠭᠡᠷ ᠲᠤ ᠨᠢᠭᠡᠨ ᠬᠠᠭᠠᠰ ᠨᠢ ᠨᠤᠷᠠᠭᠰᠠᠨ ᠬᠠᠳᠠᠨ ᠰᠤᠪᠤᠷᠭ᠎ᠠ | ᠪᠠᠶᠢᠳᠠᠭ᠃ ᠲᠡᠷᠡ ᠪᠤᠯ ᠲᠠᠷᠤᠢ ᠭᠡᠰᠡᠷ ᠪᠤᠭᠳᠠ᠂ ᠬᠢᠯᠪᠠᠩ ᠰᠢᠷ᠎ᠠ ᠶᠢ ᠸᠴᠢᠷ ᠲᠠᠮᠤ ᠪᠠᠷ ᠲᠠᠮᠤᠯᠡᠵᠦ᠂ ᠡᠷᠯᠢᠭ ᠤᠨ | ᠡᠭᠦᠳᠡ ᠪᠠᠷ ᠦᠩᠬᠡᠶᠢᠯᠭᠡᠭᠰᠡᠨ ᠠᠴᠠ ᠰᠡᠭᠦᠯᠡᠷ ᠡᠨᠡ ᠭᠠᠵᠠᠷ ᠠᠪᠴᠢᠷᠠᠵᠦ ᠪᠤᠷᠵᠢᠭᠢᠷ ᠬᠠᠳᠠᠨ ᠤ ᠪᠤᠷᠤᠭᠤ ᠠᠷᠤ ᠳᠤ | ᠶᠢᠰᠤᠨ ᠪᠤᠯᠠᠭ ᠤᠨ ᠲᠤᠤᠷ᠎ᠠ ᠲᠠᠷᠤᠭᠠᠳ ᠲᠡᠭᠡᠷ᠎ᠡ ᠨᠢ ᠶᠢᠰᠤᠨ ᠦᠶ᠎ᠡ ᠲᠠᠢ ᠬᠠᠳᠠᠨ ᠰᠤᠪᠤᠷᠭ᠎ᠠ ᠪᠤᠰᠬᠠᠵᠦ ᠦᠨᠢ | ᠡᠭᠦᠷᠢᠳᠡ ᠦᠨᠳᠡᠶᠢᠵᠦ ᠴᠢᠳᠠᠬᠤ ᠦᠭᠡᠢ ᠪᠤᠯᠭᠠᠭᠰᠠᠨ ᠰᠤᠪᠤᠷᠭ᠎ᠠ ᠪᠤᠯᠤᠨ᠎ᠠ᠃ ᠠᠷᠠᠳ ᠢᠷᠭᠡᠳ ᠤᠯᠠᠨ ᠵᠠᠭᠤᠨ ᠵᠢᠯ | ᠤᠨ ᠲᠤᠷᠰᠢ ᠡᠨᠡ ᠬᠦ ᠰᠤᠪᠤᠷᠭ᠎ᠠ ᠶᠢ ᠮᠠᠩᠭᠤᠰ ᠲᠠᠷᠤᠭᠰᠠᠨ《 ᠲᠠᠷᠤᠯᠭ᠎ᠠ ᠶᠢᠨ ᠰᠤᠪᠤᠷᠭ᠎ᠠ》 ᠬᠡᠮᠡᠵᠦ ᠰᠠᠨᠠᠭ᠎ᠠ ᠪᠠᠨ | ᠠᠷᠢᠭᠤᠳᠬᠠᠵᠦ ᠪᠤᠳᠤᠯ ᠢᠶᠠᠨ ᠵᠠᠰᠠᠬᠤ᠂ ᠡᠪᠡᠳᠴᠢᠨ ᠡᠮᠬᠡᠭ ᠠᠴᠠ ᠪᠠᠨ ᠰᠠᠯᠬᠤ ᠭᠡᠵᠦ ᠰᠤᠪᠤᠷᠭ᠎ᠠ ᠶᠢᠨ ᠭᠠᠳᠠᠭᠤᠷ | ᠡᠷᠬᠢᠵᠦ ᠡᠮᠤᠰᠴᠤ ᠵᠡᠭᠦᠭᠰᠡᠨ ᠲᠡᠪᠡᠯ ᠬᠤᠪᠴᠠᠰᠤ᠂ ᠬᠡᠷᠡᠭᠯᠡᠵᠦ ᠵᠠᠷᠤᠭᠰᠠᠨ ᠲᠠᠶᠠᠭ ᠬᠡᠷᠡᠭᠰᠡᠯ ᠢᠶᠠᠨ ᠬᠠᠶᠠᠵᠦ᠂ | ᠡᠪᠡᠳᠴᠢᠨ ᠠᠴᠠ ᠠᠩᠭᠢᠵᠢᠷᠠᠵᠦ ᠪᠤᠳᠤᠯ ᠤᠨ ᠲᠠᠷᠤᠭᠠᠰᠤ ᠪᠠᠨ ᠬᠠᠶᠠᠪᠠ ᠭᠡᠵᠦ ᠰᠦᠵᠢᠭ ᠪᠢᠰᠢᠷᠡᠯ ᠢᠶᠠᠨ | ᠭᠦᠡᠴᠡᠳᠭᠡᠳᠡᠭ ᠠᠵᠢ᠃ | | ︵ᠬᠤᠩ ᠮᠠ ᠯᠢᠶᠠᠨ ᠬᠠᠩᠭᠠᠪᠠ︶ |