ᠳᠣᠲᠣᠷ ᠪᠦᠭᠡᠷ᠎ᠡ ᠶᠢᠨ ᠳ᠋ᠦᠩ
ᠨᠡᠶᠢᠲᠡᠯᠡᠭᠰᠡᠨ ᠴᠠᠭ᠄
2023/9/12
        ᠠᠯᠲᠠᠨ ᠰᠢᠷᠭᠤᠭᠤᠯ ᠠᠭᠤᠯᠠᠨ ᠤ ᠲᠠᠷᠪᠠ ᠶᠢᠨ ᠰᠢᠷᠭᠤᠭᠤᠯ ᠤᠨ ᠪᠠᠷᠠᠭᠤᠨ ᠲᠠᠯ᠎ᠠ ᠶᠢᠨ ᠬᠠᠳᠠᠨ ᠤ ᠠᠩᠭᠠᠯ ᠳᠤ ᠨᠢᠭᠡ ᠠᠶᠠᠨᠳᠠᠭᠠᠨ ᠪᠦᠲᠦᠭᠰᠡᠨ ᠵᠢᠵᠢᠭ ᠠᠭᠤᠢ ᠪᠤᠢ᠃ ᠲᠡᠷᠡ ᠠᠭᠤᠢ ᠶᠢ ︽ᠳᠣᠲᠣᠷ ᠪᠦᠭᠡᠷ᠎ᠡ ᠶᠢᠨ ᠳ᠋ᠦᠩ︾ ᠭᠡᠳᠡᠭ᠃ ᠨᠤᠭᠤᠭᠠᠨ ᠳ᠋ᠠᠷ᠎ᠠ ᠡᠬᠡ᠂ ᠭᠡᠰᠡᠷ ᠪᠤᠭᠲᠠ ᠪᠣᠯᠣᠨ ᠥᠬᠢᠨ ᠲᠡᠭᠷᠢ ᠶᠢᠨ ᠵᠠᠯᠠᠯᠭ᠎ᠠ ᠪᠠᠷ ᠠᠯᠲᠠᠨ ᠰᠢᠷᠭᠤᠭᠤᠯ ᠳᠤ ᠢᠷᠡᠵᠦ ᠠᠭᠤᠯᠠ ᠶᠢᠨ ᠨᠠᠪᠳᠠᠭ ᠰᠠᠪᠳᠠᠭ ᠢ ᠠᠮᠢᠯᠠᠭᠤᠯᠬᠤ ᠳᠠᠭᠠᠨ ᠭᠠᠭᠴᠠ ᠬᠡᠲᠦ ᠶᠢᠨ ᠪᠢᠰᠢᠯᠭᠠᠯ ᠱᠠᠰᠢᠨ ᠤ ᠷᠢᠳᠢ ᠰᠢᠳᠢ ᠪᠠᠷ ᠪᠦᠲᠦᠭᠡᠯᠭᠡ ᠬᠢᠵᠦ ᠠᠭᠤᠢ ᠰᠢᠷᠭᠤᠭᠤᠯ ᠤᠳ ᠢ ᠠᠮᠢᠯᠠᠭᠤᠯᠣᠭᠰᠠᠨ ᠲᠡᠳᠦᠢ ᠯᠡ ᠪᠢᠰᠢ᠂ ᠲᠡᠷᠡ ᠪᠠᠰᠠ ᠳᠣᠷᠣᠨᠠᠲᠤ ᠠᠷᠢᠭᠤᠨ ᠪᠢᠳᠦᠷᠶ᠎ᠠ ᠣᠷᠣᠨ ᠤ ᠣᠲᠠᠴᠢ ᠪᠤᠷᠬᠠᠨ ᠠᠴᠠ ᠬᠠᠪᠰᠣᠷᠣᠮᠵᠢ ᠭᠤᠶᠣᠵᠤ᠂ ᠬᠠᠷ᠎ᠠ ᠲᠡᠷᠢᠭᠦᠳᠡᠨ ᠤ ᠪᠡᠶ᠎ᠡ ᠶᠢᠨ ᠬᠠᠮᠲᠤ ᠲᠦᠷᠦᠳᠡᠭ ᠳᠥᠷᠪᠡᠨ ᠵᠠᠭᠤ ᠪᠦᠭᠡᠳ ᠳᠥᠷᠪᠡᠨ ᠵᠦᠢᠯ ᠤᠨ ᠡᠪᠡᠳᠴᠢᠨ ᠢ ᠵᠠᠰᠠᠬᠤ ᠨᠢᠭᠡ ᠵᠠᠭᠤ ᠳᠥᠴᠢᠨ ᠶᠢᠰᠦᠨ ᠲᠥᠷᠦᠯ᠂ ᠮᠢᠩᠭ᠎ᠠ ᠭᠤᠷᠪᠠᠨ ᠵᠠᠭᠤ ᠵᠦᠢᠯ ᠤᠨ ᠠᠮᠢᠲᠣ ᠪᠣᠳᠠᠰ ᠢ ᠣᠯᠵᠤ ᠠᠪᠴᠢᠷᠠᠭᠠᠳ ᠡᠨᠡ ᠠᠭᠤᠯᠠᠨ᠎ᠠ ᠰᠠᠴᠣᠵᠠᠢ᠃ ᠲᠡᠭᠡᠭᠡᠳ ᠡᠷᠳᠡᠨᠢ ᠶᠢᠨ ᠡᠮ᠂ ᠴᠢᠯᠠᠭᠤᠨ ᠡᠮ᠂ ᠰᠢᠷᠦᠢ ᠶᠢᠨ ᠡᠮ᠂ ᠤᠰᠤᠨ ᠡᠮ᠂ ᠡᠪᠡᠰᠦᠨ ᠡᠮ᠂ ᠮᠤᠳᠣᠨ ᠡᠮ᠂ ᠠᠮᠢᠲᠠᠨ ᠠᠴᠠ ᠭᠠᠷᠳᠠᠭ ᠡᠮ ᠪᠦᠷᠢᠳᠴᠦ᠂ ᠠᠷᠠᠳ ᠢᠷᠭᠡᠳ ᠤᠨ ᠡᠪᠡᠳᠴᠢᠨ ᠲᠠᠬᠤᠯ ᠢ ᠡᠳᠡᠭᠡᠬᠦ ᠷᠠᠰᠢᠶᠠᠨ ᠠᠭᠤᠯᠠ ᠪᠣᠯᠣᠭᠰᠠᠨ ᠠᠵᠣᠭᠤ᠃ ᠡᠨᠡ ᠳ᠋ᠦᠩ ᠪᠣᠯ ᠳᠠᠷᠤᠢ ᠨᠣᠭᠤᠭᠠᠨ ᠳ᠋ᠠᠷ᠎ᠠ ᠡᠬᠡ ᠶᠢᠨ ᠠᠮᠢᠯᠠᠭᠤᠯᠣᠭᠰᠠᠨ ᠳᠣᠲᠣᠷ ᠪᠦᠭᠡᠷ᠎ᠡ ᠶᠢᠨ ᠡᠪᠡᠳᠴᠢᠨ ᠪᠦᠬᠦᠨ ᠢ ᠵᠠᠰᠠᠬᠤ ᠳ᠋ᠦᠩ ᠪᠤᠯᠤᠨ᠎ᠠ᠃ ᠡᠨᠡ ᠳ᠋ᠦᠩ ᠤᠨ ᠳᠣᠲᠣᠷᠠᠬᠢ ᠴᠢᠯᠠᠭᠤ ᠰᠢᠷᠤᠢ ᠪᠣᠯ ᠪᠦᠬᠦᠨ ᠢᠶᠠᠷ ᠢᠶᠠᠨ ᠪᠦᠭᠡᠷ᠎ᠡ ᠶᠢᠨ ᠡᠪᠡᠳᠴᠢᠨ ᠢ ᠵᠠᠰᠠᠬᠤ ᠡᠮ ᠶᠣᠮ ᠭᠡᠨ᠎ᠡ᠃ ᠴᠢᠯᠠᠭᠤ ᠶᠢ ᠨᠢ ᠤᠰᠤᠨ ᠳᠤ ᠴᠢᠢᠯᠠᠵᠤ ᠣᠣᠭᠤᠬᠤ ᠪᠦᠭᠡᠳ ᠰᠢᠷᠤᠢ ᠶᠢ ᠨᠢ ᠨᠤᠨᠳᠠᠭᠯᠠᠭᠠᠳ ᠤᠰᠤ ᠪᠠᠷ ᠳᠠᠷᠣᠭᠤᠯᠣᠨ ᠣᠣᠭᠤᠬᠤ ᠪᠠ ᠰᠢᠪᠠᠭ᠋ᠤ ᠡᠮ ᠪᠣᠯᠭᠠᠵᠤ ᠪᠣᠯᠣᠨ᠎ᠠ᠃ ᠠᠷᠠᠳ ᠤᠨ ᠶᠠᠷᠢᠶᠠᠨ ᠳᠤ ᠡᠨᠡ ᠳ᠋ᠦᠩ ᠤᠨ ᠡᠮ  ᠨᠢ ᠳᠣᠲᠣᠷ ᠪᠦᠭᠡᠷᠡᠨ ᠤ ᠦᠷᠪᠢᠰᠦᠯ ᠤᠨ ᠡᠪᠡᠳᠴᠢᠲᠡᠨ ᠢ ᠮᠠᠰᠢ ᠣᠯᠠᠨ ᠡᠳᠡᠭᠡᠵᠡᠢ ᠭᠡᠨ᠎ᠡ᠃              ︵ᠬᠤᠩ ᠮᠠ ᠯᠢᠶᠠᠨ ᠬᠠᠩᠭᠠᠪᠠ︶
 
ᠢᠷᠡᠯᠲᠡ᠄ ᠵᠠᠷᠤᠳ ᠤᠨ ᠲᠤᠮᠤᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号