| ᠵᠠᠷᠤᠳ ᠮᠤᠩᠭᠤᠯᠴᠤᠳ ᠤᠨ ᠤᠯᠠᠮᠵᠢᠯᠠᠯᠳᠤ ᠵᠠᠰᠠᠯ ᠵᠢᠮᠰᠡᠭ ᠤᠨ ᠡᠳ᠋ ᠲᠤ ᠪᠦᠰᠡᠬᠦ᠋ᠢᠴᠦᠳ ᠤᠨ | ᠲᠤᠯᠤᠭᠠᠢ ᠶᠢᠨ ᠵᠠᠰᠠᠯ ᠪᠤᠯᠬᠤ ︽ᠲᠠᠪᠤᠨ ᠬᠠᠳᠬᠤᠭᠤᠷ︾᠂ ᠲᠤᠯᠤᠭᠠᠢ ᠶᠢᠨ ᠠᠯᠴᠢᠭᠤᠷ᠂ ᠡᠭᠡᠮᠦᠭ ᠰᠦᠢᠭᠡ ᠠᠴᠠ | ᠭᠠᠳᠠᠨ᠎ᠠ ᠬᠠᠪᠳᠠᠭ᠎ᠠ᠂ ᠵᠡᠬᠦᠪᠴᠢ᠂ ᠪᠠᠭᠤᠤ᠂ ᠪᠦᠭᠡᠵᠢ ᠵᠢᠴᠢ ᠡᠷᠡᠭᠳᠡᠶᠢᠴᠦᠳ ᠤᠨ ᠡᠳ᠋ᠯᠡᠳᠡᠭ ᠲᠠᠮᠠᠬᠢᠨ ᠤᠭᠤᠳᠠ᠂ | ᠬᠦᠬᠦᠷ᠂ ᠬᠦᠬᠦᠷ ᠤᠨ ᠲᠠᠯᠢᠩ᠂ ᠪᠦᠬᠡᠵᠢ᠂ ᠭᠡᠳᠡ᠂ ᠮᠤᠩᠭᠤᠯ ᠬᠢᠳᠤᠭ᠎ᠠ᠂ ᠲᠠᠮᠠᠬᠢᠨ ᠭᠠᠩᠰᠠ ᠭᠡᠬᠦ ᠮᠡᠳᠦᠰ ᠢ | ᠪᠠᠭᠳᠠᠭᠠᠨ᠎ᠠ᠃ | | | ︽ᠲᠠᠪᠤᠨ ᠬᠠᠳᠬᠤᠭᠤᠷ︾ ᠤᠨ ᠦᠨᠳᠦᠰᠦᠨ ᠪᠦᠳᠦᠴᠡ᠃ ᠵᠠᠷᠤᠳ ᠮᠤᠩᠭᠤᠯ ᠪᠦᠰᠡᠬᠦ᠋ᠢᠴᠦᠳ ᠤᠨ | ᠲᠤᠯᠤᠭᠠᠢ ᠶᠢᠨ ᠵᠠᠰᠠᠯ ︽ᠲᠠᠪᠤᠨ ᠬᠠᠳᠬᠤᠭᠤᠷ︾ ᠨᠢ ᠶᠡᠷᠦᠩᠭᠡᠢ ᠳᠡᠭᠡᠨ ᠨᠢᠭᠡ ᠠᠷᠠᠯ ᠤᠨ ᠬᠠᠳᠬᠤᠭᠤᠷ᠂ ᠬᠤᠶᠠᠷ | ᠰᠢᠭᠠᠮᠠᠯ ᠬᠠᠳᠬᠤᠭᠤᠷ᠂ ᠬᠤᠶᠠᠷ ᠦᠰᠦᠨ ᠲᠦᠩᠰᠡ᠂ ᠬᠤᠶᠠᠷ ᠲᠤᠯᠤᠭᠤᠷ᠂ ᠬᠤᠶᠠᠷ ᠬᠠᠪᠠᠭᠠ ᠬᠠᠳᠬᠤᠭᠤᠷ ︵ | ᠪᠠᠰᠠ ᠰᠢᠪᠡᠭᠡ ᠬᠠᠳᠬᠤᠭᠤᠷ ᠭᠡᠳᠡᠭ︶᠂ ᠨᠢᠭᠡ ᠬᠤᠤᠰ ᠮᠦᠩᠬᠦᠨ ᠡᠰᠢ ᠲᠠᠢ ᠱᠢᠷᠤᠨ ᠤᠨᠵᠢᠯᠠᠭ᠎ᠠ ᠪᠤᠯᠤᠨ | ᠨᠢᠭᠡ ᠠᠴᠠ ᠬᠤᠶᠠᠷ ᠱᠢᠷᠤᠨ ᠲᠠᠳᠠᠭᠤᠷ ᠵᠡᠷᠭᠡ ᠪᠠᠷ ᠪᠦᠷᠢᠯᠳᠦᠳᠡᠭ᠃ ᠵᠠᠷᠤᠳ ᠮᠤᠩᠭᠤᠯ ᠪᠦᠰᠡᠬᠦ᠋ᠢᠴᠦᠳ ᠤᠨ | ᠤᠯᠠᠮᠵᠢᠯᠠᠯᠳᠤ ᠲᠤᠯᠤᠭᠠᠢ ᠶᠢᠨ ᠵᠠᠰᠠᠯ ᠊᠊᠊᠊ ︽ᠲᠠᠪᠤᠨ ᠬᠠᠳᠬᠤᠭᠤᠷ︾ ᠢ ᠭᠡᠦᠭᠡᠨ ᠬᠦᠮᠦᠨ ᠵᠡᠬᠦᠳᠡᠭ ᠦᠭᠡᠢ᠃ | ᠬᠠᠳᠬᠤᠭᠤᠷ ᠤᠨ ᠲᠤᠳᠤᠷ᠎ᠠ ᠠᠷᠠᠯ ᠤᠨ ᠬᠠᠳᠬᠤᠭᠤᠷ ᠨᠢ ᠬᠠᠮᠤᠭ ᠤᠨ ᠲᠤᠮᠤ᠃ ᠦᠰᠦᠨ ᠲᠦᠩᠰᠡ ᠶᠢᠨ ᠭᠤᠤᠯ | ᠪᠡᠶ᠎ᠡ ᠶᠢ ᠮᠦᠩᠬᠦ ᠪᠠᠷ ᠬᠢᠵᠦ ᠭᠠᠳᠠᠭᠤᠷ ᠨᠢ ᠵᠢᠵᠢᠭ ᠵᠢᠵᠢᠭ ᠱᠢᠷᠤᠨ ᠭᠡᠯᠭᠢᠶ᠎ᠡ ᠪᠠᠷ ᠨᠢᠭᠳᠠ ᠰᠠᠶᠢᠬᠠᠨ ᠤᠷᠢᠶᠠᠭᠰᠠᠨ | ᠪᠠᠶᠢᠨ᠎ᠠ᠃ ᠱᠢᠷᠤᠨ ᠭᠡᠯᠬᠢᠶ᠎ᠡ ᠶᠢᠨ ᠬᠤᠶᠠᠷ ᠭᠦᠪᠡᠭᠡ ᠳᠤ ᠮᠦᠩᠬᠦᠨ ᠬᠠᠰᠢᠯᠭ᠎ᠠ ᠲᠠᠢ᠃ ᠤᠨᠵᠢᠯᠠᠭ᠎ᠠ ᠶᠢᠨ ᠡᠰᠢ ᠶᠢᠨ | ᠠᠳᠬᠤᠬᠤᠷ ᠤᠨ ᠭᠡᠰᠡᠭ ᠢ ᠮᠠᠨᠤ ᠪᠠᠷ ᠴᠡᠴᠡᠭ ᠤᠨ ᠲᠡᠯᠪᠢ ᠮᠡᠳᠦ ᠶᠠᠩᠵᠤᠯᠠᠨ ᠵᠤᠬᠢᠶᠠᠳᠠᠭ᠃ ᠠᠷᠠᠯ ᠤᠨ | ᠬᠠᠳᠬᠤᠭᠤᠷ᠂ ᠰᠢᠭᠠᠮᠠᠯ ᠬᠠᠳᠬᠤᠭᠤᠷ᠂ ᠦᠰᠦᠨ ᠲᠦᠩᠰᠡ᠂ ᠲᠤᠯᠤᠭᠤᠷ᠂ ᠬᠠᠪᠠᠭᠠ ᠬᠠᠳᠬᠤᠭᠤᠷ ᠤᠨ ᠭᠤᠤᠯ | ᠪᠡᠶ᠎ᠡ ᠬᠢᠭᠡᠳ ᠤᠨᠵᠢᠯᠠᠭ᠎ᠠ ᠶᠢᠨ ᠡᠰᠢ ᠶᠢ ᠴᠦᠮ ᠴᠤᠯᠤ ᠮᠦᠩᠬᠦ ᠪᠠᠷ ᠬᠢᠳᠡᠭ ᠪᠠᠶᠢᠨ᠎ᠠ᠃ | ᠲᠤᠯᠤᠭᠠᠢ ᠶᠢᠨ ᠠᠯᠴᠢᠭᠤᠷ᠃ ᠲᠤᠯᠤᠭᠠᠢ ᠶᠢᠨ ᠠᠯᠴᠢᠭᠤᠷ ᠪᠤᠯ ᠵᠠᠷᠤᠳ ᠮᠤᠩᠭᠤᠯ ᠪᠦᠰᠡᠬᠦ᠋ᠢᠴᠦᠳ ᠤᠨ | ᠤᠯᠠᠮᠵᠢᠯᠠᠯᠳᠤ ᠵᠠᠰᠠᠯ ᠤᠨ ᠡᠳ᠋ ᠤᠨ ᠨᠢᠭᠡ ᠶᠤᠮ᠃ ᠤᠤᠯ ᠨᠢ ᠵᠠᠷᠤᠳ ᠮᠤᠩᠭᠤᠯ ᠪᠦᠰᠡᠬᠦ᠋ᠢᠴᠦᠳ ᠬᠦᠮᠦᠨ ᠤ | ᠡᠮᠦᠨ᠎ᠡ ᠭᠠᠷᠬᠤ ᠳᠤ ᠲᠤᠯᠤᠭᠠᠢ ᠨᠢᠴᠦᠬᠦᠨ ᠪᠠᠶᠢᠬᠤ ᠶᠢ ᠴᠡᠭᠡᠷᠯᠡᠳᠡᠭ ᠪᠠᠶᠢᠭᠰᠠᠨ ᠪᠦᠭᠡᠳ ᠭᠡᠷ ᠲᠡᠭᠡᠨ ᠢᠷᠡᠬᠦ | ᠭᠡᠶᠢᠴᠢᠨ ᠵᠤᠴᠢᠨ ᠢᠶᠠᠨ ᠤᠭᠳᠤᠬᠤ ᠳᠠᠭᠠᠨ ᠲᠤᠯᠤᠭᠠᠢ ᠨᠢᠴᠦᠬᠦᠨ ᠭᠠᠷᠳᠠᠭ ᠦᠭᠡᠢ ᠪᠠᠶᠢᠭᠰᠠᠨ ᠭᠡᠳᠡᠭ᠃ ᠤᠳᠤ ᠴᠤ | ᠭᠡᠰᠡᠨ ᠨᠡᠯᠢᠶᠡᠳ ᠲᠤᠭᠠᠨ ᠤ ᠵᠠᠷᠤᠳ ᠮᠤᠩᠭᠤᠯ ᠪᠦᠰᠡᠬᠦ᠋ᠢᠴᠦᠳ ᠲᠤᠷᠭᠠᠨ ᠠᠯᠴᠢᠭᠤᠷ ᠢᠶᠠᠨ ᠵᠡᠬᠦᠳᠡᠭ᠃ ᠤᠤᠯ ᠨᠢ | ᠬᠤᠷᠢᠮ ᠨᠠᠶᠢᠷ ᠲᠤ ᠤᠷᠤᠯᠴᠠᠬᠤ ᠪᠤᠶᠤ ᠬᠤᠪᠴᠠᠰᠤ ᠵᠠᠰᠠᠯ ᠤᠨ ᠦᠵᠡᠬᠦᠯᠭᠡ ᠳᠤ ᠲᠤᠷᠭᠠᠨ ᠠᠯᠴᠢᠭᠤᠷ ᠤᠨ ᠢᠶᠠᠨ | ᠲᠡᠭᠡᠬᠦᠷ ᠨᠢᠭᠡ ᠪᠤᠶᠤ ᠬᠤᠶᠠᠷ ᠲᠠᠳᠠᠭᠤᠷ ᠲᠠᠳᠠᠳᠠᠭ ᠨᠢ ᠤᠯᠠᠨ ᠪᠠᠶᠢᠯ᠎ᠠ ᠭᠡᠳᠡᠭ᠃ | ᠵᠡᠬᠦᠪᠴᠢ᠃ ᠵᠡᠬᠦᠪᠴᠢ ᠪᠤᠯ ᠵᠠᠷᠤᠳ ᠮᠤᠩᠭᠤᠯ ᠪᠦᠰᠡᠬᠦ᠋ᠢᠴᠦᠳ ᠤᠨ ᠤᠯᠠᠮᠵᠢᠯᠠᠯᠳᠤ ᠵᠠᠰᠠᠯ ᠤᠨ ᠡᠳ᠋ | ᠪᠤᠯᠬᠤ ᠮᠦᠷᠳᠡᠭᠡᠨ ᠤᠯᠠᠮᠵᠢᠯᠠᠯᠳᠤ ᠭᠠᠷ ᠦᠵᠦᠬᠦᠷ ᠤᠨ ᠭᠡᠷᠡᠭᠯᠡᠭᠡᠨ ᠤ ᠴᠢᠬᠤᠯᠠ ᠡᠳ᠋ᠯᠡᠯ ᠪᠤᠯᠵᠤ ᠪᠠᠶᠢᠵᠠᠢ᠃ | ᠵᠡᠬᠦᠪᠴᠢ ᠶᠢ ᠵᠡᠬᠦᠦ ᠪᠠᠨ ᠬᠢᠵᠦ ᠬᠠᠳᠠᠭᠠᠯᠠᠬᠤ ᠳᠤ ᠭᠡᠷᠡᠭᠯᠡᠳᠡᠭ᠃ ᠲᠡᠷᠡ ᠨᠢ ᠤᠷᠳᠤ ᠲᠦᠷᠪᠡᠯᠵᠢᠨ᠂ ᠲᠦᠷᠪᠡᠯᠵᠢᠨ | ᠂ ᠵᠤᠤᠪᠠᠩ ᠬᠡᠯᠪᠡᠷᠢᠳᠦ᠂ ᠬᠤᠯᠤ ᠭᠡᠯᠪᠡᠷᠢᠳᠦ᠂ ᠲᠤᠭᠤᠷᠠᠭ ᠁ ᠵᠡᠷᠭᠡ ᠤᠯᠠᠨ ᠶᠠᠩᠵᠤ ᠶᠢᠨ ᠭᠡᠯᠪᠡᠷᠢ | ᠵᠠᠭᠪᠤᠷ ᠲᠠᠢ᠃ ᠵᠡᠬᠦᠪᠴᠢ ᠶᠢ ᠭᠤᠤᠯᠳᠠᠭᠤ ᠬᠤᠷᠴᠠ ᠰᠠᠶᠢᠬᠠᠨ ᠦᠩᠭᠡᠳᠦ ᠲᠤᠷᠭ᠎ᠠ ᠲᠤᠷᠳᠤᠩ ᠪᠤᠶᠤ | ᠦᠭᠡᠳᠡᠩ ᠢᠶᠠᠷ ᠭᠠᠳᠠᠷᠯᠠᠵᠤ᠂ ᠭᠠᠳᠠᠷ ᠲᠠᠯ᠎ᠠ ᠳᠤᠨᠢ ᠴᠡᠴᠡᠭ ᠨᠠᠪᠴᠢ ᠵᠢᠴᠢ ᠪᠤᠰᠤᠳ ᠠᠮᠢᠳᠠᠨ ᠤᠷᠭᠤᠮᠠᠯ᠂ | ᠰᠢᠪᠠᠭᠤ᠂ ᠵᠢᠭᠠᠰᠤ᠂ ᠡᠷᠪᠡᠬᠡᠢ᠂ ᠦᠯᠵᠡᠢ ᠵᠠᠩᠬᠢᠶ᠎ᠡ᠂ ᠦᠯᠵᠡᠢ ᠪᠡᠯᠭᠡᠳᠦ ᠦᠭᠡ ᠮᠡᠳᠦ ᠶᠢᠨ ᠤᠷᠠᠨ ᠰᠠᠶᠢᠬᠠᠨ ᠬᠡ | ᠤᠭᠠᠯᠵᠠ ᠶᠢ ᠬᠠᠳᠬᠤᠮᠠᠯ᠂ ᠨᠠᠭᠠᠮᠠᠯ᠂ ᠤᠷᠢᠶᠠᠮᠠᠯ᠂ ᠰᠡᠶᠢᠯᠦᠮᠡᠯ ᠵᠡᠷᠭᠡ ᠭᠠᠷ ᠤᠷᠠᠯᠠᠯ ᠢᠶᠠᠷ ᠮᠠᠰᠢ ᠭᠤᠶᠤ ᠤᠷᠠᠯᠠᠨ | ᠴᠢᠮᠡᠨ᠎ᠡ᠃ ᠵᠡᠬᠦᠪᠴᠢ ᠶᠢᠨ ᠲᠤᠳᠤᠷ᠎ᠠ ᠨᠢᠮᠭᠡᠨ ᠬᠦᠪᠦᠩ ᠵᠤᠯᠤᠵᠤ ᠬᠡᠯᠡ ᠬᠢᠵᠤ᠂ ᠦᠨᠦ ᠭᠡᠯᠡ ᠲᠡᠭᠡᠷ᠎ᠡ ᠨᠢ | ᠵᠡᠬᠦᠦ ᠪᠠᠨ ᠬᠠᠳᠬᠤᠵᠤ ᠲᠡᠭᠡᠷ᠎ᠡ ᠲᠠᠯ᠎ᠠ ᠶᠢᠨ ᠤᠭᠤᠰᠤᠷ ᠠᠴᠠ ᠨᠢ ᠲᠡᠭᠡᠭᠰᠢ ᠴᠢᠩᠭᠠᠭᠠᠪᠠᠯ ᠵᠡᠬᠦᠦ ᠪᠠᠨ | ᠵᠡᠬᠦᠪᠴᠢ ᠶᠢᠨ ᠲᠤᠳᠤᠷ᠎ᠠ ᠨᠢᠭᠤᠵᠤ ᠬᠠᠳᠠᠭᠠᠯᠠᠴᠢᠬᠠᠳᠠᠭ᠃ | ᠬᠠᠪᠳᠠᠭ᠎ᠠ᠃ ᠬᠠᠪᠳᠠᠭ᠎ᠠ ᠪᠤᠯ ᠵᠠᠷᠤᠳ ᠮᠤᠩᠭᠤᠯᠴᠤᠳ ᠤᠨ ᠪᠠᠰᠠ ᠨᠢᠭᠡᠨ ᠤᠯᠠᠮᠵᠢᠯᠠᠯᠳᠤ ᠵᠠᠰᠠᠯ | ᠵᠢᠮᠰᠡᠭ ᠤᠨ ᠵᠦᠢᠯ ᠪᠤᠯᠤᠨ᠎ᠠ᠃ ᠲᠡᠬᠦᠨ ᠤ ᠭᠡᠯᠪᠡᠷᠢ ᠲᠦᠷᠰᠦ ᠨᠢ ᠮᠦᠨ ᠵᠡᠬᠦᠪᠴᠢ ᠲᠠᠢ ᠤᠶᠢᠷᠠᠯᠴᠠᠭ᠎ᠠ ᠪᠠᠷ ᠤᠷᠳᠤ | ᠲᠦᠷᠪᠡᠯᠵᠢᠨ᠂ ᠲᠤᠭᠤᠷᠠᠭ᠂ ᠲᠡᠭᠰᠢ ᠲᠦᠷᠪᠡᠯᠵᠢᠨ᠂ ᠵᠤᠤᠪᠠᠩ ᠬᠡᠯᠪᠡᠷᠢᠳᠦ᠂ ᠬᠤᠯᠤ ᠭᠡᠯᠪᠡᠷᠢᠳᠦ᠂ ᠡᠷᠪᠡᠬᠡᠢ | ᠭᠡᠯᠪᠡᠷᠢᠳᠦ᠂ ᠵᠢᠷᠭᠤᠭᠠᠨ ᠲᠠᠯ᠎ᠠ ᠲᠠᠢ ᠬᠠᠪᠳᠠᠭ᠎ᠠ᠂ ᠨᠠᠢᠮᠠᠨ ᠲᠠᠯ᠎ᠠ ᠲᠠᠢ ᠬᠠᠪᠳᠠᠭ᠎ᠠ᠂ ᠵᠢᠷᠦᠭᠡᠨ ᠭᠡᠯᠪᠡᠷᠢᠳᠦ ᠵᠡᠷᠭᠡ | ᠪᠠᠶᠢᠳᠠᠭ᠃ ᠵᠢᠷᠦᠬᠡᠨ ᠭᠡᠯᠪᠡᠷᠢᠳᠦ ᠬᠠᠪᠳᠠᠭ᠎ᠠ ᠶᠢ ᠪᠠᠰᠠ ᠵᠢᠷᠦᠭᠡᠨ ᠬᠠᠪᠳᠠᠭ᠎ᠠ ᠭᠡᠵᠦ ᠲᠤᠰᠬᠠᠢ ᠨᠡᠷᠡᠯᠡᠳᠡᠭ᠃ | ᠬᠠᠪᠳᠠᠭ᠎ᠠ ᠲᠡᠭᠡᠷ᠎ᠡ ᠮᠦᠨ ᠴᠡᠴᠡᠭ ᠨᠠᠪᠴᠢ᠂ ᠰᠢᠪᠠᠭᠤ᠂ ᠵᠢᠭᠠᠰᠤ᠂ ᠡᠷᠪᠡᠭᠡᠢ ᠮᠡᠳᠦ ᠶᠢᠨ ᠤᠷᠭᠤᠮᠠᠯ ᠠᠮᠢᠳᠠᠨ ᠤ ᠬᠡ | ᠤᠭᠠᠯᠵᠠ ᠶᠢ ᠨᠠᠭᠠᠮᠠᠯ᠂ ᠬᠠᠳᠬᠤᠮᠠᠯ᠂ ᠤᠷᠢᠶᠠᠮᠠᠯ᠂ ᠰᠡᠶᠢᠯᠦᠮᠡᠯ ᠵᠡᠷᠭᠡ ᠤᠷᠠᠯᠠᠯ ᠢᠶᠠᠷ ᠭᠤᠴᠤ ᠨᠠᠷᠢᠯᠢᠭ ᠤᠷᠠᠯᠠᠨ | ᠤᠶᠤᠳᠠᠭ ᠪᠤᠶᠤ ᠦᠯᠵᠡᠢ ᠵᠠᠩᠬᠢᠶ᠎ᠡ ᠤᠶᠤᠬᠤ ᠠᠴᠠ ᠭᠠᠳᠠᠨ᠎ᠠ ︽ᠵᠤᠯ ᠵᠢᠷᠭᠠᠯ︾᠂ ︽ᠦᠨᠢᠷ ᠪᠠᠶᠠᠯᠢᠭ︾᠂ ︽ | ᠦᠨᠢᠷ ᠵᠢᠷᠭᠠᠯ︾᠂ ︽ᠬᠡᠢ ᠮᠤᠷᠢ︾᠂ ︽ᠭᠡᠰᠢᠭ ᠪᠤᠶᠠᠨ︾᠂ ︽ᠬᠤᠷᠤᠢ ᠬᠤᠷᠤᠢ︾ ᠮᠡᠳᠦ ᠶᠢᠨ ᠦᠯᠵᠡᠢ | ᠪᠡᠯᠭᠡᠳᠦ ᠦᠰᠦᠭ ᠢ ᠨᠠᠭᠠᠬᠤ᠂ ᠬᠠᠳᠬᠤᠬᠤ᠂ ᠤᠷᠢᠶᠠᠬᠤ ᠪᠤᠶᠤ ᠰᠡᠶᠢᠯᠳᠡᠭ᠃ | | | ᠲᠠᠮᠠᠬᠢᠨ ᠤᠭᠤᠳᠠ᠃ ᠲᠠᠮᠠᠬᠢᠨ ᠤᠭᠤᠳᠠ ᠶᠢ ᠵᠠᠷᠤᠳ ᠨᠤᠳᠤᠭ ᠤᠨ ᠮᠤᠩᠭᠤᠯᠴᠤᠳ ᠪᠠᠰᠠ ᠰᠢᠭᠤᠳᠠᠢ | ᠪᠤᠶᠤ ᠲᠠᠮᠠᠬᠢᠨ ᠰᠢᠭᠤᠳᠠᠢ ᠭᠡᠳᠡᠭ᠃ ᠦᠩᠭᠡᠷᠡᠭᠰᠡᠨ ᠳᠤ᠂ ᠵᠢᠱᠢᠶᠡᠯᠡᠪᠡᠯ ᠲᠡᠭᠡᠷ᠎ᠡ ᠵᠠᠭᠤᠨ ᠤ ᠲᠠᠪᠢᠭᠠᠳ ᠤᠨ ᠡᠴ᠊ | ᠲᠠᠯᠠᠭᠠᠳ ᠤᠨ ᠤ ᠰᠡᠬᠦᠯᠴᠢ ᠶᠢᠨ ᠦᠶ᠎ᠡ ᠪᠤᠯᠳᠠᠯ᠎ᠠ ᠲᠠᠮᠠᠬᠢᠨ ᠤᠭᠤᠳᠠ ᠨᠢ ᠲᠠᠮᠠᠬᠢ ᠲᠠᠳᠠᠳᠠᠭ ᠡᠷᠡᠭᠳᠡᠢ ᠬᠦᠮᠦᠨ ᠤ | ᠴᠢᠬᠤᠯᠠ ᠨᠢᠭᠡ ᠡᠳ᠋ᠯᠡᠯ ᠭᠡᠷᠡᠭᠯᠡᠯ ᠪᠤᠯᠬᠤ ᠪᠦᠭᠡᠳ ᠮᠠᠰᠢ ᠴᠢᠬᠤᠯᠠ ᠵᠠᠰᠠᠯ ᠴᠢᠮᠡᠭᠯᠡᠯ ᠤᠨ ᠵᠦᠢᠯ ᠪᠤᠯᠵᠤ ᠪᠠᠶᠢᠪᠠ᠃ | ᠵᠠᠷᠤᠳᠴᠤᠳ ᠲᠠᠮᠠᠬᠢᠨ ᠤᠭᠤᠳᠠ ᠶᠢ ᠬᠠᠷ᠎ᠠ᠂ ᠤᠯᠠᠭᠠᠨ᠂ ᠨᠤᠭᠤᠭᠠᠨ᠂ ᠬᠦᠭᠡ᠂ ᠴᠡᠩᠭᠡᠷ᠂ ᠶᠠᠭᠠᠨ᠂ ᠬᠤᠨᠳᠠᠨ | ᠵᠡᠷᠭᠡ ᠦᠩᠭᠡ ᠦᠩᠭᠡ ᠶᠢᠨ ᠦᠭᠡᠳᠡᠩ ᠲᠤᠷᠭ᠎ᠠ ᠪᠠᠷ ᠪᠦᠷ ᠬᠢᠳᠡᠭ ᠪᠤᠯᠪᠠᠴᠤ ᠬᠠᠷ᠎ᠠ ᠦᠩᠭᠡ ᠪᠠᠷ ᠬᠢᠳᠡᠭ | ᠲᠤᠬᠢᠶᠠᠯᠳᠤᠮᠵᠢ ᠬᠠᠮᠤᠭ ᠤᠨ ᠤᠯᠠᠨ᠃ ᠲᠠᠮᠠᠬᠢᠨ ᠤᠭᠤᠳᠠ ᠨᠢ ᠡᠩ ᠤᠨ ᠪᠠᠶᠢᠳᠠᠯ ᠳᠤ ᠭᠤᠤᠯ ᠪᠡᠶ᠎ᠡ᠂ | ᠢᠷᠤᠭᠠᠷ ᠤᠨ ᠭᠡᠰᠡᠭ ᠪᠤᠯᠤᠨ ᠫᠢᠶᠤᠤᠳᠠᠢ ᠵᠡᠷᠭᠡ ᠠᠴᠠ ᠪᠦᠳᠦᠨ᠎ᠡ᠃ ᠭᠡᠬᠦ ᠳᠡᠭᠡᠨ ᠭᠤᠤᠯ ᠪᠡᠶ᠎ᠡ ᠪᠠ ᠢᠷᠤᠭᠠᠷ ᠤᠨ | ᠭᠡᠰᠡᠭ ᠵᠢᠴᠢ ᠫᠢᠶᠤᠤᠳᠠᠢ ᠶᠢᠨ ᠦᠩᠭᠡ ᠨᠢ ᠪᠦᠷ ᠤᠨᠳᠤᠤ ᠤᠨᠳᠤᠤ ᠪᠠᠶᠢᠳᠠᠭ᠃ ᠵᠠᠷᠤᠳ ᠮᠤᠩᠭᠤᠯᠴᠤᠳ ᠲᠠᠮᠠᠬᠢᠨ | ᠤᠭᠤᠳᠠ ᠶᠢ ᠲᠡᠭᠡᠭᠰᠢ ᠬᠠᠨᠳᠤᠭᠰᠠᠨ ᠠᠮᠠᠰᠠᠷ ᠲᠠᠢ ᠪᠡᠯᠭᠡᠳᠦ ᠡᠳ᠋ ᠭᠡᠵᠦ ᠦᠵᠡᠳᠡᠭ ᠠᠴᠠ ᠵᠦᠪᠭᠡᠨ ᠵᠠᠰᠠᠯ ᠵᠢᠮᠰᠡᠭ | ᠪᠤᠯᠤᠨ ᠲᠠᠮᠠᠬᠢᠯᠠᠬᠤ ᠳᠤ ᠭᠡᠷᠡᠭᠯᠡᠭᠡᠳ ᠵᠤᠭᠰᠤᠭᠰᠠᠨ ᠪᠢᠰᠢ᠂ ᠲᠠᠮᠠᠬᠢᠨ ᠤᠭᠤᠳᠠ ᠨᠢ ᠮᠠᠰᠢ ᠬᠦᠨᠳᠦ ᠴᠢᠬᠤᠯᠠ ᠪᠡᠯᠡᠭ | ᠰᠠᠯᠳᠠ ᠪᠤᠶᠤ ᠭᠡᠦᠭᠡᠨᠴᠤᠳ ᠤᠨ ᠬᠠᠶᠢᠷ᠎ᠠ ᠰᠡᠳᠬᠢᠯ ᠢᠶᠠᠨ ᠢᠯᠡᠳᠭᠡᠬᠦ ᠲᠦᠯᠦᠭᠡᠨ ᠤ ᠡᠳ᠋ ᠪᠤᠯᠵᠤ ᠪᠠᠶᠢᠪᠠ᠃ ᠵᠠᠷᠤᠳ | ᠡᠷᠡᠭᠳᠡᠶᠢᠴᠦᠳ ᠲᠠᠮᠠᠬᠢᠨ ᠤᠭᠤᠳᠠ ᠪᠠᠨ ᠪᠠᠷᠠᠭᠤᠨ ᠲᠠᠯ᠎ᠠ ᠶᠢᠨ ᠲᠠᠰᠢᠶ᠎ᠠ ᠲᠠᠭᠠᠷᠠᠭᠤᠯᠵᠤ ᠠᠷᠤ ᠪᠦᠰᠨ ᠠᠴᠠ ᠪᠠᠨ | ᠵᠡᠬᠦᠳᠡᠭ ᠵᠠᠩᠰᠢᠯ ᠲᠠᠢ᠃ | | | ᠬᠦᠬᠦᠷ ᠪᠤᠯᠤᠨ ᠬᠦᠬᠦᠷ ᠤᠨ ᠲᠠᠯᠢᠩ᠃ ᠬᠦᠬᠦᠷ ᠪᠤᠯ ᠬᠠᠮᠠᠷ ᠲᠠᠮᠠᠬᠢ ᠬᠢᠬᠦ ᠰᠠᠪᠠ ᠪᠤᠯᠤᠨ᠎ᠠ᠃ ᠵᠠᠷᠤᠳ | ᠨᠤᠳᠤᠭ ᠲᠤ ᠡᠷᠳᠡ ᠳᠡᠭᠡᠨ ᠡᠭᠡᠯ ᠠᠷᠠᠳ ᠤᠨ ᠵᠠᠷᠤᠬᠤ ᠡᠩ ᠤᠨ ᠬᠦᠬᠦᠷ ᠢ ᠮᠠᠨᠤ᠂ ᠴᠢᠯᠠᠭᠤ ᠪᠤᠶᠤ ᠱᠠᠭᠠᠵᠠᠩ | ᠮᠡᠳᠦ ᠶᠢᠨ ᠬᠢᠮᠳᠠ ᠬᠢᠯᠪᠡᠷ ᠡᠳ᠋ ᠢᠶᠠᠷ ᠬᠢᠳᠡᠭ ᠨᠢ ᠤᠯᠠᠨ ᠪᠠᠶᠢᠪᠠ᠃ ᠶᠡᠭᠡᠰ ᠨᠤᠶᠠᠳ ᠪᠤᠯᠤᠨ ᠪᠠᠶᠠᠳ ᠢᠵᠠᠭᠤᠷᠳᠠᠳ | ᠪᠤᠯ ᠬᠠᠰ ᠢᠶᠠᠷ ᠬᠢᠭᠰᠡᠨ ᠬᠠᠰ ᠬᠦᠬᠦᠷ ᠪᠤᠶᠤ ᠠᠮᠠᠰᠠᠷ ᠲᠡᠭᠡᠷ᠎ᠡ ᠨᠢ ᠡᠷᠳᠡᠨᠢ ᠶᠢᠨ ᠴᠢᠯᠠᠭᠤ᠂ ᠱᠢᠷᠤ ᠰᠢᠬᠢᠳᠭᠡᠭᠰᠡᠨ | ᠬᠦᠬᠦᠷ ᠴᠤ ᠵᠠᠷᠤᠳᠠᠭ ᠪᠠᠶᠢᠭᠰᠠᠨ ᠭᠡᠳᠡᠭ᠃ ᠤᠳᠤ ᠵᠠᠷᠤᠳ ᠮᠤᠩᠭᠤᠯᠴᠤᠳ ᠤᠨ ᠲᠤᠳᠤᠷ᠎ᠠ ᠬᠠᠮᠠᠷ ᠲᠠᠮᠠᠬᠢ | ᠲᠠᠳᠠᠳᠠᠭ ᠬᠦᠮᠦᠨ ᠪᠠᠷᠤᠭ ᠦᠭᠡᠢ ᠪᠤᠯᠵᠠᠢ᠃ ᠲᠡᠶᠢᠮᠦ ᠠᠴᠠ ᠤᠳᠤ ᠬᠦᠬᠦᠷ ᠰᠤᠯᠢᠯᠴᠠᠬᠤ ᠮᠡᠳᠦ ᠶᠢᠨ | ᠬᠦᠨᠳᠦᠳᠭᠡᠵᠦ ᠮᠡᠨᠳᠤᠴᠢᠯᠡᠬᠦ ᠮᠤᠩᠭᠤᠯ ᠤᠨ ᠰᠠᠶᠢᠬᠠᠨ ᠵᠠᠩ ᠦᠢᠯᠡ ᠴᠤ ᠬᠡᠭᠡᠭᠳᠡᠨ ᠤᠷᠬᠢᠭᠳᠠᠵᠠᠢ᠃ ᠬᠦᠬᠦᠷ ᠨᠢ | ᠡᠶᠢᠨ ᠬᠦ ᠬᠦᠮᠦᠰ ᠤᠨ ᠲᠤᠮᠳᠠ ᠲᠡᠳᠦᠢ ᠯᠡ ᠬᠠᠷᠠᠭᠳᠠᠬᠤ ᠦᠭᠡᠢ ᠪᠤᠯᠤᠭᠰᠠᠨ ᠪᠤᠯᠪᠠᠴᠤ ᠬᠦᠬᠦᠷ ᠤᠨ ᠤᠭᠤᠳᠠ | ᠪᠤᠯᠬᠤ ᠲᠠᠯᠢᠩ ᠨᠢ ᠬᠠᠷᠢᠨ ᠵᠠᠷᠤᠳ ᠨᠤᠳᠤᠭ ᠲᠤ ᠤᠯᠠᠨ ᠬᠠᠷᠠᠭᠳᠠᠨ᠎ᠠ᠃ ᠵᠠᠷᠤᠳ ᠮᠤᠩᠭᠤᠯ ᠤᠶᠤᠳᠠᠯᠴᠢᠳ | ᠬᠦᠬᠦᠷ ᠤᠨ ᠲᠠᠯᠢᠩ ᠢ ᠪᠠᠷᠤᠭ ᠨᠢᠭᠡ ᠲᠦᠭᠡ ᠦᠷᠭᠡᠨ ᠢᠶᠠᠷ ᠭᠤᠷᠪᠠ ᠠᠴᠠ ᠲᠦᠷᠪᠡᠨ ᠲᠦᠭᠡ ᠤᠷᠳᠤ ᠤᠷᠠᠯᠠᠨ | ᠵᠤᠬᠢᠶᠠᠳᠠᠭ᠃ ᠦᠩᠭᠡᠷᠡᠭᠰᠡᠨ ᠳᠤ ᠵᠠᠷᠤᠳ ᠮᠤᠩᠭᠤᠯᠴᠤᠳ ᠬᠦᠬᠦᠷ ᠤᠨ ᠲᠠᠯᠢᠩ ᠢ ᠲᠦᠭᠡᠮᠡᠯ ᠭᠡᠷᠡᠭᠯᠡᠵᠦ ᠪᠠᠶᠢᠭᠰᠠᠨ | ᠦᠶ᠎ᠡ ᠳᠤ᠂ ᠲᠠᠯᠢᠩ ᠵᠤᠬᠢᠶᠠᠬᠤ ᠳᠤ ᠪᠦᠰ᠂ ᠲᠤᠷᠭ᠎ᠠ ᠲᠤᠷᠳᠤᠩ᠂ ᠬᠢᠯᠢᠩ ᠵᠡᠷᠭᠡ ᠠᠳᠠᠯᠢ ᠪᠤᠰᠤ ᠮᠠᠲ᠋ᠧᠷᠢᠶᠠᠯ ᠢ | ᠭᠡᠷᠡᠭᠯᠡᠳᠡᠭ ᠪᠠᠶᠢᠭᠰᠠᠨ ᠪᠦᠭᠡᠳ ᠲᠠᠯᠢᠩ ᠢᠶᠠᠨ ᠡᠩ ᠤᠨ ᠭᠡᠷᠡᠭᠯᠡᠭᠡᠨ ᠤ ᠲᠠᠯᠢᠩ ᠪᠤᠯᠤᠨ ᠵᠠᠰᠠᠯ ᠴᠢᠮᠡᠭᠯᠡᠯ ᠤᠨ ᠲᠠᠯᠢᠩ | ᠭᠡᠵᠦ ᠬᠤᠶᠠᠷ ᠵᠦᠢᠯ ᠳᠤ ᠬᠤᠪᠢᠶᠠᠳᠠᠭ ᠪᠠᠶᠢᠭᠰᠠᠨ ᠭᠡᠳᠡᠭ᠃ | | |