ᠵᠤᠤ ᠪᠤᠷᠬᠠᠨ ᠤ ᠠᠭᠤᠢ
ᠨᠡᠶᠢᠲᠡᠯᠡᠭᠰᠡᠨ ᠴᠠᠭ᠄
2023/10/26
     ᠪᠠᠷᠠᠭᠤᠨ ᠵᠤᠤ ᠶᠢᠨ ᠮᠠᠶᠢᠳᠠᠷ ᠤᠨ ᠭᠡᠭᠡᠨ ᠤ ᠠᠯᠢ ᠨᠢᠭᠡᠨ ᠲᠦᠷᠤᠯ ᠤᠨ ᠨᠢᠷᠸᠠᠨ ᠪᠤᠯᠤᠭᠰᠠᠨ ᠰᠦᠨᠡᠰᠤ ᠶᠢ ᠪᠤᠤ ᠮᠡᠳᠡ᠂ ᠡᠭᠦᠯᠡ ᠬᠦᠯᠭᠡᠯᠡᠨ ᠤᠭᠳᠠᠷᠭᠤᠢ ᠪᠠᠷ ᠲᠡᠭᠳᠡᠨ᠂ ᠤᠯᠠᠭᠠᠨ ᠲᠤᠭᠤᠰᠤᠳᠤ ᠶᠢᠷᠳᠢᠨᠴᠤ ᠶᠢ ᠠᠵᠢᠨ ᠶᠠᠪᠤᠭᠰᠠᠭᠠᠷ᠂ ᠠᠯᠳᠠᠨ ᠰᠢᠷᠭᠤᠭᠤᠯ ᠤᠨ ᠲᠡᠭᠡᠷ᠎ᠡ ᠬᠦᠷᠴᠤ ᠢᠷᠡᠬᠦ ᠳᠤ᠂ ᠲᠡᠷᠡ ᠠᠭᠤᠯᠠᠨ ᠠᠴᠠ ᠲᠡᠭᠷᠢ ᠶᠢ ᠪᠠᠭᠠᠨᠠᠳᠠᠭᠰᠠᠨ ᠠᠯᠳᠠᠨ ᠭᠡᠷᠡᠯ ᠰᠠᠴᠤᠷᠠᠵᠦ᠂ ᠠᠷᠭ᠎ᠠ ᠪᠢᠯᠢᠭ ᠤᠨ ᠠᠭᠤᠷ ᠪᠠᠭᠠᠬᠢᠨ ᠰᠠᠪᠰᠠᠵᠦ᠂ ᠪᠦᠤᠷ ᠲᠦᠤᠷ ᠤᠨ ᠲᠤᠮᠳᠠ ᠭᠡᠰᠡᠷ ᠪᠤᠭᠳᠠ᠂ ᠦᠬᠢᠨ ᠲᠡᠭᠷᠢ ᠮᠠᠶᠢᠳᠠᠷ ᠤᠨ ᠭᠡᠭᠡᠨ ᠤ ᠲᠡᠭᠡᠷ᠎ᠡ ᠲᠦᠷᠤᠯ ᠤᠨ ᠯᠢᠩᠬᠤᠸ᠎ᠠ ᠶᠢᠨ ᠰᠠᠭᠤᠳᠠᠯ ︵ᠡᠨᠡ ᠭᠠᠵᠠᠷ ᠤᠨ ᠬᠦᠮᠤᠰ ᠰᠢᠷᠭᠤᠭᠤᠯ ᠤᠨ ᠠᠭᠤᠯᠠᠨ ᠤ ᠠᠰ ᠡᠮᠤᠨ᠎ᠡ ᠪᠠᠶᠢᠭ᠎ᠠ ᠯᠢᠩᠬᠤᠸ᠎ᠠ ᠬᠡᠯᠪᠡᠷᠢᠳᠤ ᠠᠭᠤᠯᠠ  ᠶᠢ ᠮᠠᠶᠢᠳᠠᠷ ᠤᠨ ᠰᠠᠭᠤᠳᠠᠯ ᠭᠡᠵᠦ ᠬᠡᠯᠡᠳᠡᠭ︶ ᠢ ᠡᠷᠭᠦᠵᠦ ᠬᠠᠷᠠᠭᠳᠠᠪᠠ ᠭᠡᠨ᠎ᠡ᠃ ᠵᠤᠤ ᠶᠢᠨ ᠪᠤᠷᠬᠠᠨ ᠤ ᠬᠤᠪᠢᠯᠭᠠᠨ ᠰᠦᠨᠡᠰᠤ ᠦᠪᠡᠷ ᠤᠨ ᠰᠠᠭᠤᠳᠠᠯ ᠢᠶᠠᠨ ᠲᠠᠨᠢᠭᠠᠳ ᠡᠨᠡ ᠠᠭᠤᠯᠠᠨ᠎ᠠ ᠪᠠᠭᠤᠬᠤ ᠳᠤ ︽ᠪᠠᠨᠴᠢᠨ ᠪᠤᠭᠳᠠ ᠶᠢᠨ ᠰᠢᠷᠡᠭᠡ ︾ ᠶᠢᠨ ᠵᠡᠭᠦᠨ ᠬᠤᠶᠢᠨ᠎ᠠ ᠳᠠᠬᠢ ᠪᠡᠯᠭᠡ ᠪᠢᠯᠢᠭ ᠤᠨ ᠬᠠᠳᠠᠨ ᠠᠴᠠ ᠭᠡᠨᠡᠳᠳᠡ ᠠᠭᠤᠯᠠ ᠨᠤᠷᠠᠵᠦ ᠬᠠᠳᠠ ᠶᠡᠭᠦᠷᠡᠬᠦ ᠲᠠᠭᠤᠨ ᠭᠠᠷᠴᠤ᠂ ᠠᠷᠰᠢ ᠶᠢᠨ ᠠᠭᠤᠢ ᠢᠯᠡᠷᠡᠵᠦ ᠠᠯᠳᠠᠨ ᠭᠡᠷᠡᠯ ᠰᠠᠴᠤᠷᠠᠭᠠᠳ᠂ ᠠᠷᠢᠭᠤᠨ ᠪᠤᠷᠬᠠᠨ ᠤ ᠰᠦᠨᠡᠰᠤ ᠲᠡᠷᠡ ᠠᠭᠤᠢ ᠳᠤᠷ ᠵᠠᠯᠠᠷᠠᠵᠦ᠂ ᠵᠤᠤ ᠶᠢᠨ ᠪᠤᠷᠬᠠᠨ ᠠᠳᠡ ᠠᠴᠠ ᠮᠡᠨᠳᠤᠯᠡᠭᠡᠳ ᠠᠳᠡᠬᠢ ᠠᠷᠠᠳ ᠢᠷᠭᠡᠳ ᠢ ᠢᠪᠡᠭᠡᠵᠦ᠂ ᠵᠤᠷᠢᠭ ᠵᠢᠷᠤᠮᠳᠤ ᠭᠡᠰᠡᠷ ᠪᠤᠭᠳᠠ᠂ ᠠᠰᠪᠤᠷ ᠰᠠᠨᠠᠭᠠᠳᠤ ᠦᠬᠢᠨ ᠲᠡᠭᠷᠢ ᠶᠢᠨ ᠰᠦᠨᠡᠰᠤ ᠶᠢ ᠲᠠᠶᠢᠳᠬᠤᠷᠠᠭᠤᠯᠪᠠ ᠭᠡᠨ᠎ᠡ᠃ ᠬᠤᠵᠢᠮ ᠤᠨ ᠬᠦᠮᠤᠰ ᠵᠤᠤ ᠶᠢᠨ ᠪᠤᠷᠬᠠᠨ ᠤ ᠮᠡᠨᠳᠤᠯᠡᠭᠰᠡᠨ ᠠᠭᠤᠢ ᠶᠢ ᠰᠦᠰᠤᠭ᠍ᠯᠡᠨ ᠲᠠᠬᠢᠳᠠᠭ ᠪᠤᠯᠤᠭᠰᠠᠨ ᠪᠦᠭᠡᠳ ᠠᠭᠤᠢ ᠶᠢᠨ ᠲᠤᠳᠤᠷᠠᠬᠢ ᠤᠯᠠᠭᠠᠨ ᠰᠢᠷᠤᠢ ᠪᠠᠷ ᠨᠢ ᠡᠯᠳᠡᠪ ᠵᠤᠶᠢᠯ ᠤᠨ ᠴᠢᠰᠤ ᠠᠯᠳᠠᠭᠳᠠᠬᠤ ᠡᠪᠡᠳᠴᠢᠨ ᠢ ᠵᠠᠰᠠᠳᠠᠭ ᠬᠡᠨ᠎ᠡ᠃ ᠠᠷᠠᠳ ᠤᠨ ᠶᠠᠷᠢᠶᠠᠨ ᠳᠤ᠂ ᠡᠬᠡᠨᠡᠷ ᠬᠦᠮᠤᠨ ᠤ ᠴᠢᠰᠤ ᠪᠠᠷ ᠪᠠᠭᠤᠯᠭᠠᠬᠤ ᠪᠠ ᠭᠠᠳᠠᠷ ᠰᠢᠷᠬ᠎ᠠ ᠪᠠᠷ ᠶᠡᠭᠡ ᠴᠢᠰᠤ ᠭᠠᠷᠤᠭᠰᠠᠳ ᠲᠤ ᠵᠤᠤ ᠶᠢᠨ ᠪᠤᠷᠬᠠᠨ ᠤ ᠠᠭᠤᠢ ᠶᠢᠨ ᠤᠯᠠᠭᠠᠨ ᠰᠢᠷᠤᠢ ᠶᠢ ᠤᠤᠭᠤᠯᠭᠠᠪᠠᠯ ᠲᠤᠤᠷ᠎ᠠ ᠨᠢ ᠡᠳᠡᠭᠡᠷᠡᠳᠡᠭ ᠭᠡᠨ᠎ᠡ᠃                                 ︵ᠬᠤᠩ ᠮᠠ ᠯᠢᠶᠠᠨ ᠬᠠᠩᠭᠠᠪᠠ︶
 
ᠢᠷᠡᠯᠲᠡ᠄ ᠵᠠᠷᠤᠳ ᠤᠨ ᠲᠤᠮᠤᠭ ᠠᠴᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号