ᠪᠠᠨᠴᠢᠨ ᠪᠤᠭᠳᠠ ᠶᠢᠨ ᠰᠢᠷᠡᠭᠡ
ᠨᠡᠶᠢᠲᠡᠯᠡᠭᠰᠡᠨ ᠴᠠᠭ᠄
2023/10/31
     ᠠᠯᠳᠠᠨ ᠰᠢᠷᠭᠤᠭᠤᠯ ᠤᠨ ᠲᠤᠤᠷ᠎ᠠ ᠲᠠᠯ᠎ᠠ ᠳᠤ᠂ ︽ᠬᠤᠤᠰ ᠬᠦᠮᠤᠨ ᠤ ᠵᠤᠭᠰᠤᠭᠠᠯ︾ ᠤᠨ ᠪᠠᠷᠠᠭᠤᠨ ᠲᠡᠭᠡᠳᠤ ᠬᠢᠷ᠎ᠠ ᠳᠤ ᠨᠢᠭᠡᠨ ᠲᠤᠯᠢ ᠰᠢᠭ᠋ ᠲᠡᠭᠰᠢᠭᠡᠨ ᠤᠷᠳᠤ ᠲᠦᠷᠪᠡᠯᠵᠢᠨ ᠰᠢᠷᠡᠭᠡ ᠬᠡᠯᠪᠡᠷᠢᠳᠤ ᠪᠢᠯᠡᠭᠳᠠᠢ ᠬᠠᠳᠠ ᠪᠤᠢ ᠃ ᠲᠡᠭᠦᠨ ᠢ ︽ᠪᠠᠨᠴᠢᠨ ᠪᠤᠭᠳᠠ ᠶᠢᠨ ᠰᠢᠷᠡᠭᠡ︾ ᠭᠡᠳᠡᠭ᠃ ᠲᠤᠯᠤᠳᠤᠭᠠᠷ ᠲᠦᠷᠢ ᠶᠢᠨ ᠪᠠᠨᠴᠢᠨ ᠪᠤᠭᠳᠠ ᠵᠡᠭᠦᠨᠰᠢ ᠵᠢᠭᠤᠯᠴᠢᠯᠠᠨ ᠨᠤᠮ ᠤᠯᠠᠮᠵᠢᠯᠠᠬᠤ ᠪᠠᠷ ᠡᠨᠡ ᠬᠦ ᠪᠡᠯᠭᠡ ᠪᠢᠯᠢᠭ ᠤᠨ ᠰᠢᠳᠢᠳᠤ ᠠᠭᠤᠯᠠ ᠶᠢᠨ ᠡᠮᠤᠨ᠎ᠡ ᠡᠩᠭᠡᠷ ᠢᠶᠠᠷ ᠦᠩᠭᠡᠷᠡᠵᠦ ᠭᠠᠷᠬᠤ ᠳᠠᠭᠠᠨ ᠠᠭᠤᠯᠠᠨ ᠤ ᠨᠠᠪᠳᠠᠭ ᠰᠠᠪᠳᠠᠭ ᠪᠠ ᠰᠦᠷ ᠭᠡᠷᠡᠯ ᠢ ᠦᠵᠡᠵᠦ ᠭᠠᠷᠤᠭᠠᠳ᠂ ᠤᠨᠴᠠᠭᠠᠶᠢᠯᠠᠨ ᠭᠡᠰᠡᠷ ᠪᠤᠭᠳᠠ᠂ ᠦᠬᠢᠨ ᠲᠡᠭᠷᠢ ᠶᠢᠨ ᠪᠠᠯᠠᠷᠠᠰᠢ ᠦᠭᠡᠢ ᠭᠠᠪᠢᠶ᠎ᠠ ᠵᠢᠳᠭᠦᠯ ᠢ ᠪᠢᠰᠢᠷᠡᠵᠦ᠂ ᠡᠨᠡ ᠠᠭᠤᠯᠠᠨ᠎ᠠ ᠭᠡᠳᠤᠨ ᠰᠠᠷ᠎ᠠ ᠬᠤᠷᠭᠤᠳᠠᠵᠦ᠂ ᠨᠤᠮ ᠪᠢᠰᠢᠯᠠᠭᠠᠯ ᠤᠶᠢᠯᠡᠳᠤᠨ ᠨᠠᠪᠳᠠᠭ ᠰᠠᠪᠳᠠᠭ ᠢ ᠲᠠᠬᠢᠵᠦ᠂ ᠡᠨᠡ ᠬᠦ ᠬᠠᠳᠠᠨ᠎ᠠ ᠰᠢᠷᠡᠭᠡ ᠵᠠᠯᠠᠷᠠᠵᠦ᠂ ᠨᠤᠨ ᠠᠷᠪᠠᠨ ᠬᠤᠰᠢᠭᠤᠨ ᠤ ᠰᠦᠰᠤᠭ᠌ ᠪᠢᠰᠢᠷᠡᠯᠳᠡᠨ ᠢ ᠡᠨᠡ ᠠᠭᠤᠯᠠᠨ᠎ᠠ ᠴᠤᠭᠯᠠᠭᠤᠯᠵᠦ᠂ ᠲᠦᠴᠢ ᠶᠢᠰᠤᠨ ᠬᠤᠨᠤᠭ ᠤᠨ ᠨᠤᠮ ᠲᠠᠯᠪᠢᠵᠦ ᠪᠤᠶᠠᠨ ᠤᠶᠢᠯᠡᠳᠤᠭ᠍ᠰᠡᠨ ᠠᠴᠠ ᠠᠭᠤᠯᠠᠨ ᠤ ᠰᠦᠭ ᠰᠦᠯᠳᠡ ᠤᠯᠠᠮ ᠪᠠᠳᠠᠷᠠᠵᠦ᠂ ᠠᠷᠪᠠᠨ ᠬᠤᠰᠢᠭᠤᠨ ᠤ ᠠᠷᠠᠳ ᠢᠷᠭᠡᠳ ᠤᠨ ᠭᠠᠢ ᠪᠠᠷᠴᠢᠳ ᠢ ᠠᠷᠢᠯᠭᠠᠭᠰᠠᠨ ᠲᠤᠯᠠ ᠡᠨᠡ ᠬᠦ ᠬᠠᠳᠠᠨ ᠰᠢᠷᠡᠭᠡ ᠨᠢ ︽ᠪᠠᠨᠴᠢᠨ ᠪᠤᠭᠳᠠ ᠶᠢᠨ ᠰᠢᠷᠡᠭᠡ︾ ᠬᠡᠮᠡᠨ ᠨᠡᠷᠡᠯᠡᠭᠳᠡᠵᠦ᠂ ᠬᠤᠵᠢᠮ ᠤᠨ ᠬᠦᠮᠤᠰ ᠠᠯᠳᠠᠨ ᠰᠢᠷᠭᠤᠭᠤᠯ ᠳᠤ ᠰᠢᠷᠭᠤᠬᠤ ᠪᠠᠷ ᠢᠷᠡᠬᠦ ᠳᠡᠭᠡᠨ ᠵᠠᠪᠠᠯ ᠡᠨᠡ ᠰᠢᠷᠡᠭᠡᠨ᠎ᠡ ᠪᠠᠯᠢᠩ ᠲᠠᠬᠢᠯ ᠲᠠᠯᠪᠢᠵᠦ ᠰᠦᠭᠦᠳᠤᠨ ᠮᠦᠷᠭᠦᠵᠦ ᠠᠮᠤᠷ ᠲᠦᠪᠰᠢᠨ ᠢᠶᠠᠨ ᠲᠠᠭᠠᠳᠬᠠᠵᠦ᠂ ᠭᠠᠢ ᠪᠠᠷᠴᠢᠳ ᠢᠶᠠᠨ ᠠᠷᠢᠯᠭᠠᠳᠠᠭ ᠠᠵᠢ᠃                                    ︵ᠬᠤᠩ ᠮᠠ ᠯᠢᠶᠠᠨ ᠬᠠᠩᠭᠠᠪᠠ︶
 
ᠢᠷᠡᠯᠲᠡ᠄ ᠵᠠᠷᠤᠳ ᠤᠨ ᠲᠤᠮᠤᠭ ᠠᠴᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号