ᠬᠠᠮᠠᠷ ᠤᠨ ᠣᠷᠣᠢ
ᠨᠡᠶᠢᠲᠡᠯᠡᠭᠰᠡᠨ ᠴᠠᠭ᠄
2023/11/2
      ᠰᠢᠷᠭᠤᠭᠤᠯ ᠤᠨ ᠠᠭᠤᠯᠠᠨ ᠤ ᠬᠠᠮᠤᠭ ᠪᠠᠷᠠᠭᠤᠨᠳᠠᠬᠢ ᠤᠷᠤᠢ ᠶᠢ ᠬᠠᠮᠠᠷ ᠤᠨ ᠤᠷᠤᠢ ᠭᠡᠳᠡᠭ᠃ ᠭᠡᠰᠡᠷ ᠪᠤᠭᠲᠠ᠂ ᠮᠠᠩᠭᠤᠰ ᠤᠨ ᠥᠬᠢᠨ ᠬᠢᠯᠪᠠᠩ ᠰᠢᠷ᠎ᠠ ᠲᠠᠢ ᠡᠳᠦᠷᠵᠢᠨ ᠰᠦᠨᠢᠵᠢᠨ ᠲᠣᠯᠣᠯᠳᠣᠵᠤ᠂ ᠬᠢᠯᠪᠠᠩ ᠰᠢᠷ᠎ᠠ ᠶᠢᠨ ᠫᠠᠭ ᠦᠮᠡᠬᠡᠢ ᠵᠣᠩᠭᠠᠭ ᠪᠠ ᠬᠤᠷᠢᠭᠤᠯ ᠢᠶᠠᠨ ᠠᠯᠳᠠᠭᠰᠠᠨ ᠳᠤᠤᠷᠠᠲᠣ ᠬᠡᠢ ᠶᠢᠨ ᠦᠨᠦᠷ ᠲᠤᠨᠢ ᠲᠣᠯᠣᠭᠠᠢ ᠨᠢ ᠲᠡᠨᠴᠢᠭᠦᠷᠡᠨ ᠪᠡᠶ᠎ᠡ ᠶᠢᠨ ᠴᠢᠳᠠᠯ ᠨᠢ ᠰᠣᠯᠠᠷᠠᠵᠤ᠂ ᠨᠡᠬᠡᠮᠵᠢᠯᠡᠨ ᠶᠠᠪᠣᠭᠰᠠᠭᠠᠷ ᠨᠢᠭᠡᠨ ᠡᠳᠦᠷ ᠡᠨᠡ ᠤᠷᠤᠢ ᠳᠤ ᠭᠠᠷᠬᠤ ᠳᠤ ᠪᠠᠷᠠᠭᠤᠨ ᠬᠤᠶᠢᠨ᠎ᠠ ᠠᠴᠠ ᠰᠡᠷᠢᠭᠦᠨ ᠰᠠᠯᠬᠢ ᠰᠡᠷᠴᠢᠬᠢᠨᠠᠨ ᠡᠪᠡᠰᠦ ᠤᠰᠤᠨ ᠤ ᠠᠩᠭᠢᠯᠣᠮ᠎ᠠ ᠦᠨᠦᠷ ᠰᠡᠩᠭᠢᠨᠡᠬᠦ ᠳᠤ ᠭᠡᠰᠡᠷ ᠪᠤᠭᠲᠠ ᠴᠡᠪᠡᠷ ᠠᠭᠠᠷ ᠢ ᠴᠡᠭᠡᠵᠢ  ᠳᠦᠭᠦᠷᠡᠩ ᠠᠮᠢᠰᠬᠤᠵᠤ᠂ ᠴᠡᠴᠡᠭ ᠡᠪᠡᠰᠦ ᠶᠢ ᠲᠡᠭᠦᠵᠦ ᠠᠪᠣᠭᠠᠳ ᠦᠨᠦᠷᠯᠡᠭᠰᠡᠨ ᠳᠤ ᠮᠠᠰᠢ ᠲᠦᠷᠭᠡᠨ ᠢᠶᠠᠷ ᠲᠠᠷᠢᠬᠢ ᠲᠣᠯᠣᠭᠠᠢ ᠨᠢ ᠰᠡᠷᠭᠦᠵᠦ᠂ ᠪᠡᠶ᠎ᠡ ᠲᠠᠮᠢᠷ ᠨᠢ ᠲᠡᠭᠵᠢᠭᠡᠳ ᠬᠠᠮᠠᠷ ᠤᠨ ᠰᠡᠷᠡᠯ ᠨᠢ ᠮᠢᠩᠭᠠᠨ ᠭᠠᠵᠠᠷ ᠤᠨ ᠰᠠᠶᠢᠨ ᠮᠠᠭᠤ ᠦᠨᠦᠷ ᠢ ᠦᠨᠦᠷᠯᠡᠵᠦ ᠢᠯᠭᠠᠬᠤ ᠪᠣᠯᠣᠭᠰᠠᠨ ᠲᠤᠯᠠ ᠬᠢᠯᠪᠠᠩ ᠰᠢᠷ᠎ᠠ ᠬᠡᠷᠬᠢᠨ ᠭᠠᠵᠢᠭᠤ ᠣᠪᠠᠳᠢᠰ ᠢ ᠭᠠᠷᠭᠠᠭᠰᠠᠨ ᠴᠤ ᠠᠨᠳᠠᠯ ᠦᠭᠡᠢ ᠨᠡᠬᠡᠮᠵᠢᠯᠡᠵᠦ ᠰᠦᠨᠦᠭᠡᠪᠡ ᠭᠡᠨ᠎ᠡ᠃ ᠲᠡᠭᠡᠭᠡᠳ ᠬᠤᠵᠢᠮ ᠤᠨ ᠬᠦᠮᠦᠰ ᠡᠨᠡ ᠬᠦ ᠤᠷᠤᠢ ᠶᠢ ︽ᠬᠠᠮᠠᠷ ᠤᠨ ᠤᠷᠣᠢ︾ ᠭᠡᠵᠦ ᠨᠡᠷᠡᠯᠡᠭᠰᠡᠨ ᠠᠴᠠ ᠡᠨᠡ ᠤᠷᠤᠢ ᠨᠢ ᠰᠢᠷᠭᠤᠭᠤᠯ ᠠᠭᠤᠯᠠᠨ ᠤ ᠨᠢᠭᠡᠨ ᠴᠢᠬᠤᠯᠠ ᠪᠦᠷᠢᠯᠳᠦᠭᠦᠨ ᠪᠣᠯᠵᠠᠢ᠃ ᠦᠢ ᠤᠯᠠᠨ ᠰᠢᠷᠭᠤᠭᠴᠢᠳ ᠰᠢᠷᠭᠤᠭᠤᠯ ᠳᠤ ᠡᠨᠡ ᠬᠦ ᠤᠷᠤᠢ ᠨᠢ ᠡᠷᠬᠡᠪᠰᠢ ᠣᠴᠢᠵᠤ ᠰᠦᠰᠦᠭᠯᠡᠵᠦ ᠳᠠᠭᠠᠳᠬᠠᠬᠤ ᠭᠠᠵᠠᠷ ᠪᠣᠯᠣᠭᠰᠠᠨ ᠪᠦᠭᠡᠳ ᠣᠨᠴᠠᠭᠠᠶᠢᠯᠠᠨ ᠡᠯᠳᠡᠪ ᠵᠦᠢᠯ ᠤᠨ ᠬᠠᠮᠠᠷ ᠤᠨ ᠡᠪᠡᠳᠴᠢᠲᠡᠨ ᠡᠨᠡ ᠤᠷᠤᠢ ᠳᠤ ᠭᠠᠷᠴᠤ ᠰᠢᠨ᠎ᠡ ᠰᠣᠷᠭᠤᠭ ᠠᠭᠤᠷ ᠠᠮᠢᠰᠬᠤᠯ ᠢ ᠠᠮᠢᠰᠬᠤᠨ᠂ ᠡᠪᠡᠰᠦ᠂ ᠴᠡᠴᠡᠭ᠂ ᠰᠢᠷᠦᠢ᠂ ᠴᠢᠯᠠᠭᠤ ᠶᠢ ᠨᠢ ᠲᠡᠭᠦᠵᠦ ᠦᠨᠦᠷᠯᠡᠬᠦ ᠪᠤᠶᠤ ᠬᠠᠮᠠᠷ ᠲᠠᠭᠠᠨ ᠬᠢᠵᠦ ᠡᠪᠡᠳᠴᠢᠨ ᠢᠶᠠᠨ ᠠᠷᠢᠯᠭᠠᠬᠤ ᠶᠢᠨ ᠳᠠᠭᠠᠣ ᠪᠠᠶᠢᠬᠤ ᠡᠪᠡᠳᠴᠢᠲᠡᠨ ᠳᠡᠭᠡᠨ ᠴᠤ ᠠᠪᠠᠴᠢᠵᠤ ᠥᠭᠳᠡᠭ᠃ ᠲᠡᠶᠢᠮᠦ ᠠᠴᠠ ᠣᠨ ᠤᠳᠠᠭᠠᠨ ᠳᠠᠭᠠᠨ ᠡᠨᠡ ᠤᠷᠤᠢ ᠶᠢᠨ ᠡᠪᠡᠰᠦ ᠮᠤᠳᠤ ᠵᠣᠯᠭᠠᠷᠠᠨ ᠬᠠᠯᠴᠠᠭᠠᠶᠢᠷᠠᠵᠤ ᠴᠢᠯᠠᠭᠤ ᠰᠢᠷᠤᠢ ᠨᠢ ᠡᠯᠡᠭᠳᠡᠨ ᠪᠠᠷᠠᠭᠳᠠᠭᠰᠠᠭᠠᠷ ᠡᠳᠦᠭᠡ ᠨᠢᠭᠡᠨᠲᠡ ᠡᠩᠬᠦᠯ ᠬᠤᠩᠬᠤᠯ ᠬᠤᠵᠢᠬᠢᠷ ᠤᠷᠤᠢ ᠪᠣᠯᠵᠠᠢ᠃                 ︵ᠬᠤᠩ ᠮᠠ ᠯᠢᠶᠠᠨ ᠬᠠᠩᠭᠠᠪᠠ︶
 
ᠢᠷᠡᠯᠲᠡ᠄ ᠵᠠᠷᠤᠳ ᠤᠨ ᠲᠤᠮᠤᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号