| ᠠᠯᠲᠠᠨ ᠰᠢᠷᠭᠤᠭᠤᠯ ᠠᠭᠤᠯᠠᠨ ᠤ ᠳᠡᠷᠪᠡᠭ ᠶᠢᠨ ᠰᠢᠷᠭᠤᠭᠤᠯ ᠤᠨ ᠵᠡᠭᠦᠨ ᠡᠮᠦᠨ᠎ᠡ ᠳᠤᠤᠷ᠎ᠠ᠂ ᠬᠠᠳᠠᠨ ᠤ | ᠢᠷᠤᠭᠠᠷ ᠲᠤ ᠨᠢᠭᠡᠨ ᠬᠤᠣᠰ ᠪᠤᠯᠠᠭ ᠤᠨᠳᠣᠷᠴᠤ ᠪᠠᠶᠢᠳᠠᠭ᠃ ᠲᠡᠭᠦᠨ ᠢ ᠠᠷᠠᠳ ᠤᠯᠠᠨ ︽ᠬᠦᠢᠰᠦᠨ ᠪᠤᠯᠠᠭ︾ | ᠭᠡᠳᠡᠭ᠃ ᠨᠤᠭᠤᠭᠠᠨ ᠳ᠋ᠠᠷ᠎ᠠ ᠡᠬᠡ ᠰᠢᠷᠭᠤᠭᠤᠯ ᠤᠨ ᠠᠭᠤᠯᠠᠨ ᠳᠤ ᠤᠯᠠᠨ ᠤᠯᠠᠨ ᠷᠢᠳᠢ ᠰᠢᠳᠢ ᠲᠠᠢ ᠰᠢᠷᠭᠤᠭᠤᠯ᠂ | ᠰᠦᠮ᠎ᠡ᠂ ᠠᠭᠤᠢ ᠶᠢ ᠪᠦᠲᠦᠭᠡᠭᠡᠳ ᠠᠷᠠᠳ ᠤᠯᠠᠨ ᠳᠤ ᠪᠤᠶᠠᠨ ᠦᠢᠯᠡᠳᠬᠦ ᠶᠢᠨ ᠬᠠᠮᠲᠤ ᠪᠠᠰᠠ ᠮᠠᠰᠢ ᠤᠯᠠᠨ | ᠡᠪᠡᠳᠴᠢᠨ ᠵᠠᠰᠠᠬᠤ ᠷᠠᠰᠢᠶᠠᠨ ᠪᠤᠯᠠᠭ ᠢ ᠤᠨᠳᠣᠷᠣᠭᠤᠯᠵᠣ ᠥᠭᠴᠡᠢ ᠭᠡᠨ᠎ᠡ᠃ ᠬᠦᠮᠦᠨ ᠲᠦᠷᠦᠯᠬᠢᠲᠡᠨ ᠲᠠᠪᠤᠨ | ᠮᠠᠬᠠᠪᠣᠳ ᠢᠶᠠᠷ ᠪᠦᠲᠦᠵᠦ᠂ ᠬᠡᠢ᠂ ᠰᠢᠷ᠎ᠠ᠂ ᠪᠠᠣᠡᠭᠠᠨᠠ ᠪᠠᠷ ᠠᠮᠢᠯᠠᠳᠠᠭ ᠪᠦᠭᠡᠳ ᠪᠠᠰᠠ ᠬᠡᠢ᠂ ᠰᠢᠷ᠎ᠠ᠂ | ᠪᠠᠣᠡᠭᠠᠨᠠ ᠶᠢᠨ ᠬᠠᠷᠰᠢᠯᠳᠣᠵᠤ᠂ ᠠᠷᠪᠢᠳᠴᠤ᠂ ᠪᠠᠭᠠᠰᠤ ᠠᠴᠠ ᠡᠪᠡᠳᠴᠢᠨ ᠡᠭᠦᠰᠳᠡᠭ ᠠᠵᠠᠢ᠃ ᠭᠡᠬᠦ ᠳᠡᠭᠡᠨ | ᠬᠡᠢ ᠶᠢᠨ ᠲᠥᠪ ᠪᠣᠯᠬᠤ ᠬᠦᠢᠰᠦ ᠨᠢ ᠳᠠᠷᠤᠢ ᠠᠮᠢ ᠡᠰᠡᠨᠢᠯ ᠤᠨ ᠭᠠᠯ ᠭᠤᠯᠤᠮᠳᠠ ᠪᠤᠯᠠᠳᠠᠭ ᠲᠤᠯᠠ ᠬᠦᠢᠰᠦᠨ ᠤ | ᠡᠪᠡᠳᠴᠢᠨ ᠢ ᠵᠠᠰᠠᠬᠤ ᠶᠢᠨ ᠲᠦᠯᠦᠭᠡ ᠳ᠋ᠠᠷ᠎ᠠ ᠡᠬᠡ ᠡᠨᠡ ᠠᠭᠤᠯᠠᠨ᠎ᠠ ᠦᠪᠡᠷ ᠤᠨ ᠬᠦᠢᠰᠦᠨ ᠠᠴᠠ ᠪᠠᠨ ᠯᠦᠩ | ᠠᠪᠣᠭᠰᠠᠨ ︽ᠬᠦᠢᠰᠦᠨ ᠪᠤᠯᠠᠭ︾ ᠢ ᠪᠦᠲᠦᠭᠡᠭᠰᠡᠨ ᠨᠢ ᠳᠠᠷᠤᠢ ᠡᠨᠡ ᠪᠤᠯᠠᠭ ᠠᠵᠣᠭᠤ᠃ ᠡᠨᠡ ᠪᠤᠯᠠᠭ ᠵᠢᠯ | ᠪᠦᠷᠢ ᠶᠢᠨ ᠹᠦ᠋ ᠣᠷᠣᠬᠤ ᠳᠤ ᠤᠰᠤ ᠤᠷᠭᠢᠯᠵᠤ᠂ ᠹᠦ᠋ ᠪᠠᠷᠠᠪᠠᠯ ᠳᠠᠷᠤᠢ ᠰᠢᠷᠬᠢᠳᠡᠭ᠃ ᠲᠠᠶᠢᠮᠦ ᠠᠴᠠ ᠮᠤᠩᠭᠤᠯ ᠡᠮᠴᠢ | ᠨᠠᠷ ᠠᠷᠭ᠎ᠠ ᠪᠢᠯᠢᠭ ᠤᠨ ᠶᠣᠰᠤᠨ ᠢᠶᠠᠷ ᠡᠨᠡ ᠪᠤᠯᠠᠭ ᠢ ᠬᠡᠷᠡᠭᠯᠡᠬᠦ ᠴᠠᠭ᠂ ᠠᠷᠭ᠎ᠠ ᠶᠢ ᠠᠷᠠᠳ ᠤᠯᠠᠨ ᠳᠤ ᠵᠢᠭᠠᠵᠤ | ᠦᠭᠭᠦᠭᠡᠳ ᠬᠦᠢᠰᠦᠨ ᠤ ᠡᠪᠡᠳᠴᠢᠳᠡᠨ ᠪᠦᠬᠦᠨ ᠳᠤ ᠲᠣᠬᠢᠷᠠᠬᠤ ᠪᠦᠭᠡᠳ ᠡᠪᠡᠳᠴᠢᠨ ᠦᠭᠡᠢ ᠴᠤ | ᠴᠢᠬᠢᠷᠠᠭᠵᠢᠭᠤᠯᠬᠤ ᠦᠢᠯᠡᠳᠦᠯ ᠲᠠᠢ ᠶᠢ ᠮᠡᠳᠡᠭᠦᠯᠦᠭᠰᠡᠨ ᠪᠠᠶᠢᠨ᠎ᠠ᠃ ᠡᠨᠡ ᠪᠤᠯᠠᠭ ᠤᠨ ᠤᠰᠤ ᠪᠠᠷ ᠬᠦᠢᠰᠦ ᠪᠠᠨ | ᠤᠬᠢᠶᠠᠬᠤ᠂ ᠰᠢᠪᠠᠷ ᠢᠶᠠᠷ ᠨᠢ ᠬᠦᠢᠰᠦ ᠪᠠᠨ ᠰᠢᠪᠠᠭ᠋ᠤ᠂ ᠤᠰᠤ᠂ ᠰᠢᠪᠠᠷ᠂ ᠴᠢᠯᠠᠭᠤ ᠶᠢ ᠨᠢ ᠡᠮ ᠪᠤᠯᠭᠠᠨ ᠣᠣᠭᠤᠬᠤ | ᠵᠡᠷᠭᠡ ᠪᠠᠷ ᠮᠠᠰᠢ ᠤᠯᠠᠨ ᠬᠦᠢᠰᠦᠨ ᠡᠪᠡᠳᠴᠢᠲᠡᠨ ᠢ ᠡᠳᠡᠭᠡᠵᠡᠢ ᠭᠡᠨ᠎ᠡ᠃ | ︵ᠬᠤᠸ᠋ᠩ ᠮᠠ ᠯᠢᠶᠠᠨ ᠬᠠᠩᠭᠠᠪᠠ ︶ | |